ᠳᠣᠩᠷᠣᠪ
ᠨᠡᠶᠢᠲᠡᠯᠡᠭᠰᠡᠨ ᠴᠠᠭ᠄
2020/1/7
       ᠳᠣᠩᠷᠣᠪ ︵1869~1929 ᠣᠨ︶᠂ ᠣᠣᠯ ᠤᠨ ᠴᠠᠬᠠᠷ ᠬᠦᠯᠦ ᠬᠥᠬᠡ ᠬᠤᠰᠢᠭᠤᠨ ᠤ ᠭᠤᠷᠪᠠᠳᠣᠭᠠᠷ ᠰᠣᠮᠣ᠂ ᠣᠳᠤ ᠶᠢᠨ ᠨᠠᠷᠠᠲᠤ ᠰᠣᠮᠣᠨ ᠤ ᠪᠠᠶᠠᠨ ᠨᠠᠭᠤᠷ ᠭᠠᠴᠠᠭᠠᠨ ᠤ ᠬᠦᠮᠦᠨ᠂ ᠬᠡᠷᠡᠶᠢᠳ ᠣᠪᠣᠭᠳᠠᠨ᠃ ᠮᠠᠨᠵᠤ ᠮᠣᠩᠭᠤᠯ ᠪᠢᠴᠢᠭ ᠲᠤ ᠨᠡᠪᠲᠡᠷᠬᠡᠢ᠂ ᠬᠢᠲᠠᠳ ᠪᠢᠴᠢᠭ ᠪᠠᠭ᠎ᠠ ᠮᠡᠳᠡᠳᠡᠭ᠂ ᠰᠣᠮᠣᠨ ᠳᠠᠭᠠᠨ ᠵᠣᠸᠠᠩᠳᠠ᠂ ᠳᠦᠪᠦ ᠰᠣᠮᠣᠨ ᠤ ᠵᠠᠩᠭᠢ ᠪᠣᠯᠵᠤ ᠥᠩᠭᠡᠷᠡᠵᠡᠢ᠃        ᠳᠣᠩᠷᠣᠪ ᠪᠣᠯ ᠮᠠᠨ ᠤ ᠣᠷᠣᠨ ᠤ ᠣᠶᠢᠷ᠎ᠠ ᠦᠶ᠎ᠡ ᠶᠢᠨ ᠲᠡᠦᠬᠡᠨ ᠳᠤ ᠪᠥᠭᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠤᠨ ᠳᠣᠰᠠᠭᠠᠷ ᠳᠣᠭᠲᠠᠨᠢᠯ ᠢ ᠳᠡᠮᠵᠢᠵᠦ᠂ ᠮᠣᠩᠭᠤᠯ ᠦᠨᠳᠦᠰᠦᠲᠡᠨ ᠤ ᠡᠷᠬᠡ ᠴᠢᠯᠦᠭᠡᠨ ᠤ ᠲᠡᠮᠡᠴᠡᠯ  ᠳᠤ ᠢᠳᠡᠪᠬᠢᠲᠡᠢ ᠣᠷᠣᠯᠴᠠᠭᠰᠠᠨ ᠬᠦᠮᠦᠨ ᠤ ᠨᠢᠭᠡ ᠶᠣᠮ᠃ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠭᠦᠯᠦᠭᠰᠡᠨ ︽ᠪᠥᠭᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠤᠨ ᠲᠡᠦᠬᠡ︾ ᠶᠢᠨ 2 ᠳᠡᠪᠲᠡᠷ ᠲᠤ᠂ ᠳᠣᠩᠷᠣᠪ ᠤᠨ ᠮᠣᠩᠭᠤᠯ ᠣᠯᠣᠰ ᠤᠨ ᠳᠣᠰᠠᠭᠠᠷ ᠳᠣᠭᠲᠠᠨᠢᠯ ᠢ ᠳᠡᠮᠵᠢᠭᠰᠡᠨ ᠦᠢᠯᠡ ᠠᠵᠢᠯᠯᠠᠭ᠎ᠠ ᠶᠢ  ᠨᠢ ᠳᠣᠣᠷᠠᠬᠢ ᠮᠡᠲᠦ ᠲᠡᠮᠳᠡᠭᠯᠡᠵᠦ ᠪᠠᠶᠢᠳᠠᠭ᠃        ᠬᠠᠷᠠᠭᠴᠢᠨ ᠦᠬᠡᠷ ᠵᠢᠯ ︵1913 ᠣᠨ︶ ᠰᠠᠶ᠋ᠢᠬᠠᠨ ᠳᠣᠰᠠᠭᠠᠷ ᠳᠣᠭᠲᠠᠨᠢᠵᠤ ᠪᠠᠶᠢᠭ᠎ᠠ ᠪᠤᠭᠲᠠ ᠬᠠᠭᠠᠨᠲᠤ ᠮᠣᠩᠭᠤᠯ ᠣᠯᠣᠰ ᠢ ᠳᠠᠷᠣᠵᠤ ᠣᠰᠳᠬᠠᠬᠤ ᠭᠡᠰᠡᠨ ᠳᠣᠮᠳᠠᠳᠤ ᠢᠷᠭᠡᠨ ᠣᠯᠣᠰ ᠤᠨ ᠲᠦᠷ ᠴᠠᠭ ᠤᠨ ᠶᠡᠷᠦᠩᠬᠡᠶᠢᠯᠡᠭᠴᠢ ᠣᠮᠠᠷᠠᠲᠤ ᠶᠢᠨ ᠴᠡᠷᠢᠭ ᠤᠨ ᠡᠷᠬᠡᠲᠡᠨ ᠶᠣᠸᠠᠨ ᠱᠢ ᠺᠠᠢ ᠶᠢᠨ ᠴᠡᠷᠢᠭ ᠤᠨ ᠳᠣᠪᠲᠣᠯᠣᠯᠲᠠ ᠶᠢᠨ ᠡᠰᠡᠷᠬᠦ ᠳᠤ ᠮᠣᠩᠭᠤᠯ ᠣᠯᠣᠰ ᠨᠢ ᠬᠡᠳᠦᠨ ᠵᠠᠮ ᠤᠨ ᠴᠡᠷᠢᠭ ᠭᠠᠷᠭᠠᠵᠤ᠂ ᠥᠪᠦᠷ ᠮᠣᠩᠭᠤᠯ ᠣᠷᠣᠨ ᠳᠤ ᠴᠡᠷᠢᠭ ᠣᠷᠣᠭᠤᠯᠣᠨ ᠳᠣᠰᠴᠤ ᠪᠠᠶᠢᠯᠳᠣᠭᠰᠠᠨ ᠪᠠᠶᠢᠨ᠎ᠠ᠃ ᠡᠨᠡ ᠬᠦ᠋ ᠪᠠᠶᠢᠯᠳᠣᠭᠠᠨ ᠨᠢ ︽ᠦᠬᠡᠷ ᠵᠢᠯ ᠤᠨ ᠦᠢᠮᠡᠭᠡᠨ︾ ᠭᠡᠳᠡᠭ᠃        ᠶᠡᠷᠦ ᠨᠢ ᠮᠠᠨᠵᠤ᠂ ᠬᠢᠲᠠᠳ ᠤᠨ ᠨᠣᠶᠠᠷᠬᠠᠭᠴᠢᠳ ᠤᠨ ᠳᠠᠯᠬᠢᠭᠳᠠᠯ ᠤᠨ ᠲᠡᠮᠡᠴᠡᠯ ᠤᠨ ᠶᠠᠪᠣᠴᠠ ᠳᠤ ᠥᠪᠦᠷ ᠮᠣᠩᠭᠤᠯ ᠤᠨ ᠡᠳᠦᠢ ᠲᠡᠳᠦᠢ ᠮᠢᠩᠭᠠᠨ ᠠᠷᠠᠳ ᠭᠠᠭᠴᠠ ᠨᠢᠭᠡ ᠪᠠᠷ ᠶᠣᠮ ᠦᠦ᠂ ᠪᠥᠭᠡᠮ ᠪᠥᠭᠡᠮ ᠢᠶᠠᠷ ᠭᠠᠯᠪᠠ ᠶᠢᠨ ᠭᠤᠪᠢ ᠶᠢ ᠡᠳᠦᠷ ᠰᠦᠨᠢ ᠦᠭᠡᠢ ᠶᠠᠪᠠᠭᠠᠨ ᠮᠣᠷᠢᠲᠠᠢ ᠲᠣᠭᠤᠯᠵᠤ ᠬᠠᠯᠬ᠎ᠠ ᠳᠤ ᠨᠡᠭᠦᠨ ᠣᠴᠢᠭᠰᠠᠭᠠᠷ ᠪᠠᠶᠢᠵᠠᠢ᠃ ᠡᠨᠡ ᠦᠶ᠎ᠡ ᠳᠤ ᠰᠢᠯᠣᠭᠤᠨ ᠬᠥᠬᠡ ᠬᠤᠰᠢᠭᠤᠨ ᠤ ᠴᠠᠬᠠᠷ ᠭᠤᠷᠪᠠᠳᠣᠭᠠᠷ ᠰᠣᠮᠣᠨ ᠤ ᠳᠣᠩᠷᠣᠪ 400 ᠢᠯᠡᠭᠦᠦ ᠬᠦᠮᠦᠨ ᠳᠠᠭᠠᠭᠤᠯᠣᠨ ᠬᠠᠯᠬ᠎ᠠ ᠣᠷᠣᠭᠤ ᠨᠡᠭᠦᠨ ᠣᠴᠢᠭᠰᠠᠨ ᠪᠠᠶᠢᠨ᠎ᠠ᠃        ᠮᠣᠩᠭᠤᠯ ᠣᠯᠣᠰ ᠤᠨ ᠵᠠᠰᠠᠭ ᠤᠨ ᠭᠠᠵᠠᠷ ᠨᠢ ᠬᠢᠲᠠᠳ ᠵᠠᠰᠠᠭ ᠤᠨ ᠭᠠᠵᠠᠷ ᠠᠴᠠ ᠭᠠᠳᠠᠭᠠᠳᠤ ᠮᠣᠩᠭᠤᠯ  ᠢ ᠪᠠᠶᠢᠯᠳᠣᠨ ᠳᠠᠷᠣᠩᠭᠤᠶᠢᠯᠠᠬᠤ ᠪᠠᠷ ᠶᠠᠪᠣᠭᠤᠯᠣᠭᠰᠠᠨ ᠬᠢᠲᠠᠳ ᠴᠡᠷᠢᠭ ᠲᠠᠢ ᠴᠠᠭ ᠢ ᠵᠠᠪᠳᠣᠨ ᠠᠮᠠᠳᠠᠨ ᠪᠠᠶᠢᠯᠳᠣᠬᠤ  ᠪᠠᠷ ᠴᠢᠭᠤᠯᠣᠯᠲᠤ ᠬᠠᠭᠠᠯᠭ᠎ᠠ᠂ ᠪᠠᠲᠤᠬᠠᠭᠠᠯᠭ᠎ᠠ᠂ ᠳᠣᠯᠣᠨᠨᠠᠭᠤᠷ᠂ ᠬᠥᠬᠡᠬᠤᠲᠠ᠂ ᠪᠣᠭᠤᠲᠤ ᠵᠡᠷᠭᠡ ᠲᠠᠪᠣᠨ ᠵᠠᠮ ᠢᠶᠠᠷ ᠳᠠᠮᠳᠢᠨᠰᠦ᠋ᠷᠦᠩ ︵ᠱᠢᠷᠦᠨ ᠵᠠᠩᠵᠣᠨ ᠭᠡᠳᠡᠭ︶ ᠢ ᠳᠣᠬᠤᠭᠠᠨ ᠲᠣᠮᠢᠯᠠᠵᠠᠢ᠃ ᠥᠪᠦᠷ ᠮᠣᠩᠭᠤᠯ ᠵᠦᠭ ᠶᠠᠪᠣᠭᠤᠯᠣᠭᠰᠠᠨ ᠲᠠᠪᠣᠨ ᠵᠠᠮ ᠤᠨ ᠴᠡᠷᠢᠭ ᠨᠢ 7000 ᠬᠦᠮᠦᠨ ᠬᠦᠷᠦᠭᠰᠡᠨ ᠪᠠᠶᠢᠨ᠎ᠠ᠃ ᠡᠳᠡᠭᠡᠷ ᠴᠡᠷᠢᠭ ᠨᠢ ᠮᠣᠷᠢ ᠣᠨᠣᠵᠤ᠂ ᠪᠦᠷᠢᠶ᠎ᠡ ᠦᠯᠢᠶᠡᠨ ᠬᠡᠩᠭᠡᠷᠭᠡ ᠬᠠᠷᠠᠩᠭ᠎ᠠ ᠳᠡᠯᠡᠳᠦᠨ᠂ ᠣᠷᠣᠢ ᠳᠤᠨᠢ ᠭᠠᠯ ᠣᠷᠢᠶᠠᠭᠰᠠᠨ ᠢᠯᠳᠦ᠂ ᠳᠣᠣᠷ᠎ᠠ ᠳᠤᠷ ᠣᠯᠠᠭᠠᠨ ᠬᠢᠯᠭᠠᠰᠣᠨ ᠵᠠᠯᠠᠭ᠎ᠠ᠂ ᠳᠣᠮᠳᠠ ᠰᠣᠶᠣᠩᠪᠤ ᠦᠰᠦᠭ ᠪᠥᠬᠦᠢ ᠲᠤᠭ ᠳᠠᠯᠪᠠᠭ᠎ᠠ ᠨᠠᠮᠢᠷᠠᠭᠤᠯᠣᠨ ᠡᠮᠦᠨ᠎ᠡ ᠶᠡᠭᠡ ᠵᠠᠮ ᠢᠶᠠᠷ ᠭᠠᠷᠴᠤ ᠢᠷᠡᠵᠡᠢ᠃        ᠮᠠᠩᠯᠠᠢ ᠪᠠᠭᠠᠲᠣᠷ ᠳᠠᠮᠳᠢᠨᠰᠦᠷᠦ᠋ᠷᠦᠩ ᠨᠢᠭᠡ ᠭᠡᠰᠡᠭ ᠴᠡᠷᠢᠭ ᠣᠳᠣᠷᠢᠳᠴᠤ ᠦᠵᠦᠮᠴᠢᠨ᠂ ᠬᠠᠭᠤᠴᠢᠳ᠂ ᠰᠢᠷ᠎ᠠ ᠮᠥᠷᠡᠨ ᠤ ᠵᠡᠭᠦᠨ ᠡᠲᠡᠭᠡᠳ ᠤᠨ ᠴᠢᠭᠯᠡᠯ ᠢᠶᠠᠷ ᠣᠷᠣᠵᠤ ᠢᠷᠡᠭᠰᠡᠨ ᠪᠠᠶᠢᠨ᠎ᠠ᠃ ᠲᠡᠭᠦᠨ ᠤ ᠮᠢᠩᠭ᠎ᠠ ᠭᠠᠷᠣᠢ ᠴᠡᠷᠢᠭ ᠤᠨ ᠳᠣᠲᠣᠷ᠎ᠠ᠂ ᠬᠠᠯᠬ᠎ᠠ ᠴᠡᠷᠢᠭ 300᠂ ᠪᠠᠷᠭᠤ ᠴᠡᠷᠢᠭ 300᠂ ᠪᠣᠰᠣᠳ ᠴᠡᠷᠢᠭ 700 ᠣᠷᠴᠢᠮ ᠨᠢ ᠰᠦᠨᠢᠳ᠂ ᠬᠠᠭᠤᠴᠢᠳ᠂ ᠠᠪᠠᠭ᠎ᠠ᠂ ᠦᠵᠦᠮᠴᠢᠨ ᠴᠠᠬᠠᠷ ᠴᠡᠷᠢᠭ ᠤᠳ ᠠᠵᠢ᠃ ᠡᠭᠦᠨ ᠤ ᠳᠣᠲᠣᠷ᠎ᠠ ᠰᠢᠯᠣᠭᠤᠨ ᠬᠥᠭᠡ ᠶᠢᠨ ᠳᠣᠩᠷᠣᠪ ᠤᠨ ᠳᠠᠭᠠᠭᠤᠯᠣᠭᠰᠠᠨ ᠨᠢᠭᠡ ᠪᠦᠯᠦᠭ ᠴᠡᠷᠢᠭ᠂ ᠰᠢᠯᠣᠭᠤᠨ ᠴᠠᠭᠠᠨ ᠬᠤᠨᠢᠴᠢᠨ ᠰᠦᠷᠦᠭ ᠤᠨ ᠰᠣᠩᠳᠣᠢ ᠬᠤᠰᠠᠢ ᠶᠢᠨ ᠳᠠᠭᠠᠭᠤᠯᠣᠭᠰᠨ ᠨᠢᠭᠡ ᠪᠦᠯᠦᠭ ᠴᠡᠷᠢᠭ᠂ ᠰᠢᠯᠣᠭᠤᠨ ᠴᠠᠭᠠᠨ ᠦᠬᠡᠷᠴᠢᠨ ᠰᠦᠷᠦᠭ ᠤᠨ ᠪᠣᠷᠣᠨᠠᠢ ᠵᠠᠩᠭᠢ ᠶᠢᠨ ᠳᠠᠭᠠᠭᠤᠯᠣᠭᠰᠠᠨ ᠨᠢᠭᠡ ᠪᠦᠯᠦᠭ ᠴᠡᠷᠢᠭ ᠪᠠᠶᠢᠵᠠᠢ᠃        ᠮᠠᠩᠯᠠᠢ ᠪᠠᠭᠠᠲᠣᠷ ᠳᠠᠮᠳᠢᠨᠰᠦᠷᠦ᠋ᠷᠦᠩ ᠤᠨ ᠣᠳᠣᠷᠢᠳᠣᠭᠰᠠᠨ ᠴᠡᠷᠢᠭ ᠤᠳ ᠨᠢ ᠳᠣᠯᠣᠨᠨᠠᠭᠤᠷ ᠤᠨ ᠨᠠᠭᠠᠨ᠎ᠠ ᠬᠤᠰᠢᠮᠠᠭ ᠴᠠᠭᠠᠨ ᠨᠠᠭᠤᠷ ᠵᠡᠷᠭᠡ ᠭᠠᠵᠠᠷ ᠤᠳ ᠲᠤ ᠬᠢᠲᠠᠳ ᠴᠡᠷᠢᠭ ︵ᠪᠠᠰᠠ ᠬᠠᠷ᠎ᠠ ᠴᠡᠷᠢᠭ ᠭᠡᠳᠡᠭ︶ ᠲᠠᠢ ᠪᠠᠶᠢᠯᠳᠣᠨ 1000 ᠰᠢᠬᠠᠮ ᠴᠡᠷᠢᠭ ᠢ ᠠᠯᠠᠭᠰᠠᠨ ᠪᠣᠶᠤ ᠣᠯᠵᠠᠯᠠᠭᠰᠠᠨ ᠪᠠᠶᠢᠨ᠎ᠠ᠃ ᠡᠳᠡᠭᠡᠷ ᠪᠠᠶᠢᠯᠳᠣᠭᠠᠨ ᠤ ᠳᠣᠮᠳᠠ ᠬᠤᠷᠢᠶᠠᠨ ᠳᠠᠷᠤᠭ᠎ᠠ ᠳᠣᠩᠷᠣᠪ ᠭᠤᠸᠠᠢ᠂ ᠮᠣᠩᠭᠤᠯ ᠣᠯᠣᠰ ᠳᠣᠰᠠᠭᠠᠷ ᠳᠣᠭᠲᠠᠨᠢᠯ ᠢ ᠬᠠᠮᠠᠭᠠᠯᠠᠬᠤ ᠪᠠ ᠮᠣᠩᠭᠤᠯ ᠦᠨᠳᠦᠰᠦᠲᠡᠨ ᠤ ᠪᠠᠨ ᠡᠷᠬᠡ ᠴᠢᠯᠦᠭᠡᠨ ᠤ ᠲᠥᠯᠦᠭᠡ᠂ ᠠᠷᠢᠭᠤᠨ ᠴᠢᠰᠤ ᠪᠠᠨ ᠣᠷᠣᠰᠬᠠᠵᠤ᠂ ᠠᠯᠲᠠᠨ ᠠᠮᠢ ᠪᠠᠨ ᠦᠷᠡᠭᠳᠡᠭᠦᠯᠬᠦ ᠠᠴᠠ ᠠᠶᠣᠬᠤ ᠦᠭᠡᠢ᠂ ᠦᠬᠦᠬᠦ ᠶᠢ ᠣᠨᠲᠠᠬᠤ ᠶᠢᠨ ᠲᠡᠳᠦᠢ ᠦᠵᠡᠵᠦ᠂ ᠡᠷᠭᠡ ᠴᠢᠯᠦᠭᠡ᠂ ᠳᠣᠰᠠᠭᠠᠷ ᠳᠣᠭᠲᠠᠨᠢᠯ ᠢ ᠬᠠᠮᠤᠭ ᠠᠴᠠ ᠳᠡᠭᠡᠳᠦᠯᠡᠨ᠂ ᠬᠠᠯᠬ᠎ᠠ ᠴᠡᠷᠢᠭ ᠲᠠᠢ ᠬᠠᠮᠲᠤ᠂ ᠪᠠᠶᠢᠯᠳᠣᠭᠠᠨ ᠤ ᠭᠠᠯ ᠤᠨ ᠹᠷᠣᠨᠲ ᠳᠡᠭᠡᠷ᠎ᠡ ᠡᠷᠡᠯᠬᠡᠭ ᠪᠠᠭᠠᠲᠣᠷᠯᠢᠭ ᠢᠶᠠᠷ ᠪᠠᠶᠢᠯᠳᠣᠵᠤ᠂ ᠠᠰᠣᠷᠤ ᠶᠡᠭᠡ ᠭᠠᠪᠢᠶ᠎ᠠ ᠪᠠᠶᠢᠭᠤᠯᠣᠭᠰᠠᠨ ᠪᠠᠶᠢᠨ᠎ᠠ᠃        ᠮᠣᠩᠭᠤᠯ ᠣᠯᠣᠰ ᠤᠨ ᠵᠢᠪᠽᠣᠨᠳ᠋ᠮᠪᠠ ᠭᠠᠪᠢᠶ᠎ᠠ ᠵᠢᠳᠬᠦᠯ ᠢ ᠨᠢ ᠦᠨᠳᠦᠰᠦᠯᠡᠨ ᠡᠨᠡ ᠣᠳᠠᠭᠠᠨ ᠤ ᠴᠠᠬᠠᠷ  ᠤᠨ ᠴᠡᠷᠢᠭ ᠤᠨ ᠭᠤᠷᠪᠠᠨ ᠬᠦᠮᠦᠨ ᠢ ᠭᠦᠩ ᠡᠷᠭᠦᠮᠵᠢᠯᠡᠭᠰᠡᠨ ᠤ ᠨᠢᠭᠡ ᠨᠢ ᠳᠣᠩᠷᠣᠪ ᠪᠠᠶᠢᠵᠠᠢ᠃ ᠢᠩᠭᠢᠭᠡᠳ ᠳᠣᠩᠷᠣᠪ ᠬᠦᠩ ᠭᠡᠵᠦ ᠠᠯᠳᠠᠷᠰᠢᠭᠰᠠᠨ ᠪᠠᠶᠢᠨ᠎ᠠ᠃ ᠨᠥᠭᠦᠬᠡ ᠬᠤᠶᠠᠷ ᠨᠢ ᠰᠢᠯᠣᠭᠤᠨ ᠴᠠᠭᠠᠨ ᠦᠬᠡᠷᠴᠢᠨ ᠰᠦᠷᠦᠭ  ᠤᠨ ᠮᠠᠭᠰᠠᠷᠵᠠᠪ ︵ᠲᠣᠰ ᠬᠦᠮᠦᠨ ᠬᠠᠷᠢᠵᠤ ᠢᠷᠡᠭᠰᠡᠨ ᠦᠭᠡᠢ ᠭᠡᠨ᠎ᠡ︶᠂ ᠬᠥᠪᠡᠭᠡᠲᠦ ᠰᠢᠷ᠎ᠠ ᠬᠤᠰᠢᠭᠤᠨ ᠤ ᠢᠳᠠᠮ ᠬᠦᠩ ᠵᠡᠷᠭᠡ ᠪᠣᠯᠣᠨ᠎ᠠ᠃        1913 ᠣᠨ ᠤ 10 ᠰᠠᠷ᠎ᠠ ᠶᠢᠨ23 ᠤ ᠡᠳᠦᠷ᠂ ︽ᠭᠠᠲᠠᠭᠠᠳᠤ ᠮᠣᠩᠭᠤᠯ ᠤᠨ ᠠᠦ᠋ᠲ᠋ᠣᠮᠣᠨᠢ ᠶᠢ ᠬᠦᠯᠢᠶᠡᠬᠦ ᠳᠣᠬᠠᠢ ᠣᠷᠣᠰ — ᠬᠢᠲᠠᠳ ᠤᠨ ᠲᠣᠩᠬᠠᠭ︾ ᠢ ᠪᠡᠭᠡᠵᠢᠩ ᠬᠤᠲᠠᠨ᠎ᠠ ᠭᠠᠷ ᠤᠨ ᠦᠰᠦᠭ ᠵᠢᠷᠣᠵᠠᠢ᠃ ᠢᠩᠭᠢᠭᠡᠳ ᠡᠨᠡ ᠣᠳᠠᠭᠠᠨ ᠤ ᠪᠠᠶᠢᠯᠳᠣᠭᠠᠨ ᠵᠣᠭᠰᠣᠭᠰᠠᠨ ᠪᠠᠶᠢᠨ᠎ᠠ᠃        ᠡᠭᠦᠨ ᠳᠤ ᠥᠪᠦᠷ ᠮᠣᠩᠭᠤᠯ ᠳᠣᠲᠣᠷᠠᠬᠢ ᠨᠥᠯᠦᠭᠡ ᠪᠥᠬᠦᠢ ᠲᠣᠮᠤ ᠹᠸᠣᠳᠠᠯ ‍ᠤᠳ‌‍ᠶᠣᠸᠠᠨ ᠱᠢ ᠺᠠᠢ ᠶᠢᠨ ᠠᠮᠠᠯᠠᠯᠲᠠ ᠶᠢ ᠢᠲᠡᠭᠡᠵᠦ ᠪᠣᠴᠠᠭᠰᠠᠨ ᠪᠣᠯᠪᠠᠴᠤ ᠵᠠᠷᠢᠮ ᠨᠢᠭᠡ ᠳᠣᠰᠢᠶᠠᠯ ᠲᠠᠢ ᠳᠦᠰᠢᠮᠠᠯ᠂ ᠵᠢᠷ ᠤᠨ ᠠᠷᠠᠳ ᠤᠳ ᠬᠡᠳᠦᠢ ᠪᠠᠷ ᠪᠡᠭᠡᠵᠢᠩ ᠤᠨ ᠵᠠᠰᠠᠭ ᠤᠨ ᠭᠠᠵᠠᠷ ᠥᠷᠦᠰᠢᠶᠡᠯ ᠦᠵᠡᠭᠦᠯᠦᠭᠰᠡᠨ ᠢ ᠮᠡᠳᠡᠵᠦ ᠪᠠᠶᠢᠪᠠᠴᠤ ᠴᠣᠬᠤᠮ ᠶᠠᠮᠠᠷ ᠪᠣᠯᠬᠤ ᠶᠢ ᠰᠡᠵᠢᠭᠯᠡᠨ ᠬᠦᠯᠢᠭᠡᠯᠵᠡᠵᠦ ᠪᠠᠶᠢᠵᠠᠢ᠃ ᠴᠠᠬᠠᠷ ᠭᠤᠷᠪᠠᠳᠣᠭᠠᠷ ᠰᠣᠮᠣᠨ ᠤ ᠳᠣᠩᠷᠣᠪ ᠨᠢ ᠪᠣᠭᠲᠠ ᠶᠢᠨ ᠲᠥᠷᠦ ᠳᠤ ᠳᠠᠭᠠᠷ᠎ᠠ ᠣᠷᠣᠵᠤ ᠬᠦᠩ ᠵᠡᠷᠭᠡ ᠱᠠᠩᠨᠠᠭᠤᠯᠣᠭᠠᠳ ᠬᠠᠷᠢᠶᠠᠲᠤ ᠬᠦᠮᠦᠰ ᠢᠶᠠᠨ ᠳᠠᠭᠠᠭᠤᠯᠣᠨ ᠣᠣᠯ ᠬᠤᠰᠢᠭᠤᠨ ᠳᠠᠭᠠᠨ ᠪᠣᠴᠠᠬᠤ ᠪᠠᠷ ᠭᠠᠷᠴᠤ ᠢᠷᠡᠭᠰᠡᠨ ᠪᠣᠯᠪᠠᠴᠤ ᠵᠠᠮ ᠤᠨ ᠡᠭᠦᠳᠡ ᠶᠢᠨ ᠡᠮᠦᠨ᠎ᠡ ᠬᠦᠷᠴᠦ ᠢᠷᠡᠭᠡᠳ ᠨᠢᠭᠡ ᠬᠤᠭᠤᠴᠠᠭ᠎ᠠ ᠪᠠᠶᠢᠳᠠᠯ ᠢ ᠠᠵᠢᠭᠯᠠᠨ ᠰᠠᠭᠤᠭᠰᠠᠨ ᠪᠠᠶᠢᠨ᠎ᠠ᠃ ᠳᠣᠩᠷᠣᠪ ᠨᠠᠷ ᠤᠨ ᠣᠣᠯ ᠬᠤᠰᠢᠭᠤᠨ ᠳᠠᠭᠠᠨ ᠪᠣᠴᠠᠭᠰᠠᠨ ᠦᠭᠡᠢ ᠠᠳᠡ ᠪᠠᠶᠢᠭ᠎ᠠ ᠶᠢ ᠮᠡᠳᠡᠭᠡᠳ ᠠᠷᠠᠶᠢᠬᠠᠨ ᠨᠠᠮᠵᠢᠭᠠᠵᠤ ᠪᠥᠬᠦᠢ ᠥᠪᠦᠷ ᠮᠣᠩᠭᠤᠯ ᠤᠨ ᠮᠣᠩᠭᠤᠯᠴᠣᠳ ᠤᠨ ᠡᠷᠭᠡ ᠴᠢᠯᠦᠭᠡᠨ ᠤ ᠬᠥᠳᠡᠯᠭᠡᠭᠡᠨ ᠤ ᠳᠠᠬᠢᠨ ᠰᠡᠷᠭᠦᠬᠦ ᠠᠴᠠ ᠪᠣᠯᠭᠤᠮᠵᠢᠯᠠᠨ᠂ ᠳᠣᠮᠳᠠᠳᠤ ᠢᠷᠭᠡᠨ ᠣᠯᠣᠰ ᠤᠨ ᠵᠠᠰᠠᠭ ᠤᠨ ᠭᠠᠵᠠᠷ ᠠᠴᠠ ᠮᠣᠩᠭᠤᠯ ᠣᠯᠣᠰ ᠣᠷᠣᠭᠤ ᠪᠢᠴᠢᠭᠯᠡᠨ᠂ ᠳᠣᠩᠷᠣᠪ ᠨᠠᠷ ᠶᠠᠮᠠᠷ ᠣᠴᠢᠷ ᠲᠠᠢ ᠴᠠᠪᠬᠠᠷᠬᠠᠵᠤ ᠪᠠᠶᠢᠬᠤ ᠶᠢ ᠯᠠᠪᠯᠠᠨ ᠠᠰᠠᠭᠤᠭᠰᠠᠨ ᠪᠠᠶᠢᠨ᠎ᠠ᠃ 1915 ᠣᠨ ᠤ 6 ᠰᠠᠷ᠎ᠠ ᠳᠤ ᠳᠣᠮᠳᠠᠳᠤ ᠢᠷᠭᠡᠨ ᠣᠯᠣᠰ ᠤᠨ ᠵᠠᠰᠠᠭ ᠤᠨ ᠭᠠᠵᠠᠷ ᠠᠴᠠ ᠪᠣᠭᠳᠠ ᠵᠢᠪᠽᠣᠳᠠᠮᠪᠠ ᠬᠤᠳᠣᠭᠲᠤ ᠳᠤ ᠶᠠᠪᠣᠭᠤᠯᠣᠭᠰᠨ ᠴᠠᠬᠢᠯᠭᠠᠨ ᠳᠠᠭᠠᠨ ︽ᠳᠣᠩᠷᠣᠪ᠂ ᠵᠠᠮᠰᠦ᠋ᠷᠦᠩᠵᠠᠪ ᠨᠠᠷ ᠤᠨ ᠴᠡᠷᠢᠭ ᠠᠩᠭᠢ ᠡᠭᠦᠳᠡ ᠶᠢᠨ ᠡᠮᠦᠨ᠎ᠡ ᠳᠤ ᠬᠡᠪ ᠢᠶᠠᠷ ᠢᠶᠠᠨ ᠰᠠᠭᠤᠵᠤ ᠪᠣᠢ ᠁︾ ᠭᠡᠵᠦ ᠳᠣᠷᠠᠳᠴᠠᠢ᠃ ᠡᠭᠦᠨ ᠢᠶᠠᠷ ᠦᠵᠡᠬᠦ ᠳᠤ ᠳᠣᠩᠷᠣᠪ ᠬᠦᠩ 1915 ᠣᠨ ᠤ 6 ᠰᠠᠷ᠎ᠠ ᠠᠴᠠ ᠬᠤᠶᠢᠰᠢ᠂ ᠣᠣᠯ ᠬᠤᠰᠢᠭᠤᠨ ᠳᠠᠭᠠᠨ ᠬᠠᠷᠢᠵᠤ ᠢᠷᠡᠭᠰᠡᠨ ᠪᠠᠶᠢᠨ᠎ᠠ᠃ ᠲᠡᠷᠡ ᠣᠣᠯ ᠨᠣᠲᠤᠭ ᠳᠠᠭᠠᠨ ᠪᠣᠴᠠᠵᠤ ᠢᠷᠡᠭᠰᠡᠨ ᠤ ᠳᠠᠷᠠᠭ᠎ᠠ᠂ ᠪᠠᠪᠣᠵᠠᠪ ᠤᠨ ᠴᠡᠷᠢᠭ ᠢ ᠳᠠᠭᠠᠵᠤ ᠯᠢᠨᠰᠢ ᠶᠢᠨ ᠲᠣᠯᠣᠯᠳᠣᠭᠠᠨ ᠳᠤ ᠣᠷᠣᠯᠴᠠᠵᠤ ᠬᠠᠷᠢᠵᠤ ᠢᠷᠡᠭᠰᠡᠨ ᠤ ᠳᠠᠷᠠᠭ᠎ᠠ ᠭᠦᠯᠦ ᠬᠥᠬᠡ ᠪᠠᠪᠠ ᠠᠮᠪᠠᠨ ᠯᠤᠭ᠎ᠠ ᠲᠠᠭᠠᠷᠠᠯᠴᠠᠬᠤ ᠦᠭᠡᠢ ᠪᠣᠯᠬᠤᠷ ᠬᠥᠨᠳᠦᠳᠬᠡᠨ ᠬᠡᠷᠡᠭᠯᠡᠭᠳᠡᠭᠰᠡᠨ ᠦᠭᠡᠢ᠃ ᠳᠠᠶᠢᠨ ᠪᠠᠶᠢᠯᠳᠣᠭᠠᠨ ᠤ ᠳᠣᠮᠳᠠ ᠭᠠᠪᠢᠶ᠎ᠠ ᠪᠠᠶᠢᠭᠤᠯᠣᠨ ᠬᠦᠩ ᠵᠡᠷᠭᠡ ᠱᠠᠩᠨᠠᠭᠳᠠᠭᠰᠠᠨ ᠭᠡᠵᠦ ᠣᠮᠣᠷᠬᠠᠭᠯᠠᠵᠤ ᠪᠠᠳᠠᠮᠨᠠᠭᠰᠠᠨ ᠦᠭᠡᠢ᠂ ᠣᠭᠰᠣᠶᠢᠬᠤ ᠵᠡᠷᠭᠡ ᠳᠤ ᠳᠣᠷᠠᠯᠠᠨ ᠨᠣᠶᠠᠨ ᠰᠠᠭᠤᠬᠤ ᠶᠢ ᠬᠦᠰᠡᠭᠰᠡᠨ ᠦᠭᠡᠢ᠂ ᠡᠳ᠋ ᠮᠥᠩᠭᠦᠨ ᠳᠤ ᠰᠢᠨᠣᠵᠤ ᠡᠷᠬᠢᠮᠰᠦᠭ ᠶᠠᠪᠣᠬᠤ ᠶᠢ ᠪᠣᠳᠣᠭᠰᠠᠨ ᠦᠭᠡᠢ᠂ ᠬᠠᠷᠢᠨ ᠬᠤᠶᠢᠴᠢ ᠦᠶ᠎ᠡ ᠶᠢᠨ ᠪᠠᠭᠠᠴᠣᠳ ᠵᠠᠯᠠᠭᠤᠴᠣᠳ ᠢᠶᠠᠨ ᠬᠦᠮᠦᠵᠢᠭᠦᠯᠬᠦ ᠶᠢᠨ ᠲᠥᠯᠦᠭᠡ᠂ ᠢᠳᠡᠪᠬᠢᠲᠡᠢ ᠠᠷᠭ᠎ᠠ ᠬᠡᠮᠵᠢᠶ᠎ᠡ ᠠᠪᠴᠤ ᠰᠣᠷᠭᠠᠭᠤᠯᠢ ᠡᠷᠬᠢᠯᠡᠭᠰᠡᠨ ᠪᠠᠶᠢᠨ᠎ᠠ᠃ ᠲᠣᠰ ᠬᠦᠮᠦᠨ ᠨᠢ ᠴᠠᠬᠠᠷ ᠭᠤᠷᠪᠠᠳᠣᠭᠠᠷ ᠰᠣᠮᠣᠨ ᠤ ᠭᠤᠭᠤᠰᠣᠲᠠᠢ ᠶᠢᠨ ᠰᠦᠮ᠎ᠡ ᠠᠴᠠ ᠳᠥᠷᠪᠡᠨ ᠵᠠᠩ ᠬᠠᠭᠤᠴᠢᠨ ᠪᠠᠶᠢᠰᠢᠩ ᠣᠯᠵᠤ᠂ ᠬᠤᠷᠢᠭᠠᠳ ᠰᠣᠷᠣᠭᠴᠢ ᠡᠯᠰᠡᠨ ︽ᠪᠣᠭᠳᠠ ᠶᠢᠨ ᠰᠣᠷᠭᠠᠯ︾᠂ ︽ᠳᠥᠷᠪᠡᠨ ᠪᠢᠴᠢᠭ ᠲᠠᠪᠣᠨ ᠨᠣᠮ︾ ᠵᠡᠷᠭᠡ ᠶᠢᠨ ᠬᠢᠴᠢᠶᠡᠯ ᠢ ᠵᠢᠭᠠᠵᠤ ᠪᠠᠶᠢᠵᠠᠢ᠃ ᠲᠡᠷᠡ ᠨᠠᠰᠣᠨ ᠥᠨᠳᠦᠷ ᠪᠣᠯᠲᠠᠯ᠎ᠠ ᠪᠠᠨ ᠡᠳᠦᠢ ᠲᠡᠳᠦᠢ ᠱᠠᠪᠢ ᠬᠦᠮᠦᠵᠢᠭᠦᠯᠦᠨ ᠡᠷᠳᠡᠮ ᠰᠣᠷᠭᠠᠵᠤ ᠪᠠᠶᠢᠭᠠᠳ 1929 ᠣᠨ ᠳᠤ ᠨᠠᠰᠤ ᠨᠥᠭᠴᠢᠪᠠ᠃ ᠳᠣᠩᠷᠣᠪ ᠬᠦᠩ ᠤᠨ ᠨᠢᠭᠡ ᠨᠠᠰᠣᠨ ᠤ ᠪᠣᠳᠠᠲᠠᠢ ᠦᠢᠯᠡ ᠠᠵᠢᠯᠯᠠᠭ᠎ᠠ ᠠᠴᠠ ᠦᠵᠡᠭᠦᠯ᠎ᠡ᠂ ᠲᠡᠷᠡ ᠨᠢ ᠠᠰᠣᠷᠤ ᠰᠠᠶᠢᠨ ᠪᠣᠳᠣᠯᠭ᠎ᠠ ᠲᠠᠢ᠂ ᠠᠯᠣᠰ ᠬᠤᠯᠠ ᠶᠢᠨ ᠬᠠᠷᠠᠴᠠ ᠲᠠᠢ᠂ ᠦᠨᠳᠦᠰᠦᠲᠡᠨ᠂ ᠣᠷᠣᠨ ᠨᠣᠲᠤᠭ ᠢᠶᠠᠨ ᠦᠵᠡᠬᠦ ᠨᠢᠳᠣᠨ ᠤ ᠴᠡᠴᠡᠬᠡᠢ ᠰᠢᠭ ᠬᠠᠶᠢᠷᠠᠯᠠᠳᠠᠭ᠃ ᠥᠰᠪᠦᠷᠢ ᠶᠢᠨ ᠪᠠᠭᠠᠴᠣᠳ ᠢᠶᠠᠨ ᠬᠦᠮᠦᠵᠢᠭᠦᠯᠬᠦ ᠶᠢ ᠡᠷᠲᠡ ᠤᠬᠠᠮᠰᠠᠷᠬᠠᠰᠠᠨ ᠬᠦᠮᠦᠨ ᠠᠵᠢ᠃        ᠳᠣᠩᠷᠣᠪ 2006 ᠣᠨ ᠳᠤ ︽ᠴᠠᠬᠠᠷ ᠰᠢᠯᠣᠭᠤᠨ ᠬᠥᠬᠡ ᠬᠤᠰᠢᠭᠤ︾ ᠬᠡᠮᠡᠬᠦ ᠨᠣᠮ ᠳᠤ ᠲᠡᠮᠳᠡᠭᠯᠡᠭᠳᠡᠵᠡᠢ᠃    ︽ᠰᠢᠯᠣᠭᠤᠨ ᠬᠥᠭᠡ ᠬᠤᠰᠢᠭᠤᠨ ᠤ ᠴᠣᠣᠲᠤ ᠬᠦᠮᠦᠰ︾ ᠭᠡᠬᠦ  ᠮᠠᠶᠢᠯᠠᠰᠣ ᠨᠣᠮ ᠠᠴᠠ ᠰᠡᠶᠢᠷᠡᠭᠦᠯᠪᠡ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号