ᠵᠣᠳᠪᠠᠵᠠᠪ
ᠨᠡᠶᠢᠲᠡᠯᠡᠭᠰᠡᠨ ᠴᠠᠭ᠄
2020/1/7
       ᠵᠣᠳᠪᠠᠵᠠᠪ ︵1877~1945 ᠣᠨ︶᠂ ᠠᠶᠢᠴᠢᠩ ᠣᠯᠣᠰ ᠤᠨ ᠪᠠᠳᠠᠷᠭᠤᠯᠲᠤ ᠲᠥᠷᠦ ᠶᠢᠨ ᠭᠤᠷᠪᠠᠳᠣᠭᠠᠷ ᠣᠨ᠂ ᠠᠷᠪᠠᠨ ᠳᠥᠷᠪᠡᠳᠦᠭᠡᠷ ᠵᠢᠷᠠᠨ ᠤ ᠣᠯᠠᠭᠴᠢᠨ ᠦᠬᠡᠷ ᠵᠢᠯ ︵1877 ᠣᠨ︶ ᠭᠥᠯᠦ ᠴᠠᠭᠠᠨ ᠬᠤᠨᠢᠨ ᠰᠦᠷᠦᠭ ᠤᠨ ᠰᠠᠩ ᠤᠨ ᠳᠠᠯᠠᠢ ᠭᠡᠬᠦ ᠭᠠᠵᠠᠷ ︵ᠣᠳᠤ ᠶᠢᠨ ᠰᠢᠯᠣᠭᠤᠨ ᠬᠥᠬᠡ ᠬᠤᠰᠢᠭᠤᠨ ᠤ ᠰᠠᠩ ᠤᠨ ᠳᠠᠯᠠᠢ ᠰᠣᠮᠤ︶ ᠮᠢᠵᠢᠭᠰᠡᠩᠭᠡ ᠬᠤᠰᠠᠢ ᠳ᠋ᠠ ᠶᠢᠨ ᠭᠡᠷ ᠲᠤ ᠲᠥᠷᠦᠵᠡᠢ᠃ ᠡᠬᠡ ᠨᠢ ᠠᠯᠲᠠᠨᠵᠢᠭᠠᠰᠤ ᠭᠡᠳᠡᠭ᠂ ᠡᠪᠦᠭᠡ ᠡᠴᠢᠭᠡ ᠨᠢ ᠰᠡᠩᠰᠣᠪᠷᠢᠨᠴᠢᠨ᠂ ᠭᠤᠷᠪᠠᠨ ᠬᠤᠰᠢᠭᠤ ᠳᠠᠷᠢᠭᠠᠩᠭ᠎ᠠ ᠦᠬᠡᠷ ᠬᠤᠨᠢᠨ ᠰᠦᠷᠦᠭ ᠤᠨ ᠠᠮᠪᠠᠨ ᠪᠠᠶᠢᠵᠠᠢ᠃        ᠵᠣᠳᠪᠠᠵᠠᠪ ᠤᠨ ᠡᠷᠭᠦᠭᠰᠡᠨ ᠬᠢᠲᠠᠳ ᠨᠡᠷ᠎ᠡ ᠵᠦᠸᠧ ᠱᠢ ᠬᠠᠢ ︵卓世海︶ ᠭᠡᠳᠡᠭ᠃ ᠪᠠᠭ᠎ᠠ ᠨᠠᠰᠣᠨ ᠳᠠᠭᠠᠨ ᠭᠡᠷ ᠤᠨ ᠪᠠᠭᠰᠢ ᠪᠠᠷ ᠮᠠᠨᠵᠤ ᠮᠣᠩᠭᠤᠯ ᠪᠢᠴᠢᠭ ᠵᠢᠭᠠᠯᠭᠠᠵᠤ ᠨᠡᠯᠢᠶᠡᠳ ᠰᠠᠶᠢᠨ ᠰᠣᠷᠣᠭᠰᠠᠨ ᠪᠠᠶᠢᠪᠠ ᠃ ᠲᠡᠷᠡ ᠠᠷᠪᠠᠨ ᠵᠢᠷᠭᠤᠭᠠᠨ ᠨᠠᠰᠣᠨ ᠳᠠᠭᠠᠨ ᠰᠦᠷᠦᠭ ᠤᠨ ᠳ᠋ᠠ ᠪᠣᠯᠣᠭᠰᠨ ᠪᠠᠶᠢᠨ᠎ᠠ᠃        ᠵᠣᠳᠪᠠᠵᠠᠪ ᠲᠣᠷᠠᠩᠬᠠᠢ ᠴᠢᠷᠠᠢ ᠲᠠᠢ᠂ ᠥᠨᠳᠦᠷᠬᠡᠨ ᠪᠡᠶ᠎ᠡ ᠲᠠᠢ᠂ ᠨᠠᠷᠢᠨ ᠳᠠᠭᠤᠨ ᠲᠠᠢ᠂ ᠵᠡᠭᠦᠨ ᠴᠢᠬᠢᠨ  ᠤ ᠪᠠᠨ ᠡᠮᠦᠨ᠎ᠡ ᠬᠤᠨᠳᠠᠭᠠᠨ ᠴᠢᠨᠡᠭᠡᠨ ᠠᠰᠢᠭ ᠲᠠᠢ ᠵᠢᠷᠪᠡᠶᠢᠭᠰᠡᠨ ᠨᠠᠷᠢᠨ ᠰᠠᠬᠠᠯ ᠲᠠᠢ ᠬᠦᠮᠦᠨ ᠪᠠᠶᠢᠪᠠ᠃ ᠭᠡᠷ  ᠲᠡᠭᠡᠨ ᠬᠡᠵᠢᠶᠡᠳᠡ ᠲᠡᠷᠡ ᠦᠶ᠎ᠡ ᠶᠢᠨ ᠪᠢᠴᠢᠭᠲᠡᠨ ᠬᠦᠮᠦᠨ ᠤ ᠡᠮᠦᠰᠳᠡᠭ ᠣᠭᠤᠨᠤ ᠲᠠᠢ ᠪᠣᠷᠤ ᠪᠣᠶᠤ ᠬᠥᠬᠡ ᠥᠩᠭᠡ  ᠶᠢᠨ ᠳᠡᠪᠡᠯ ᠡᠮᠦᠰᠴᠦ ᠳᠡᠭᠡᠭᠦᠷ ᠨᠢ ᠬᠠᠷ᠎ᠠ ᠬᠥᠪᠡᠭᠡ ᠲᠠᠢ ᠬᠥᠷᠡᠩ ᠲᠣᠷᠭᠠᠨ ᠬᠠᠨᠵᠢᠶᠠᠷ ᠡᠮᠦᠰᠴᠦ ᠶᠠᠪᠣᠳᠠᠭ᠃        ᠰᠢᠭᠤᠳ ᠰᠢᠯᠣᠭᠤᠨ ᠵᠠᠩ ᠲᠠᠢ᠂ ᠬᠥᠳᠡᠭᠡᠨ ᠤ ᠮᠠᠯᠴᠢᠳ ᠲᠠᠢ ᠶᠠᠮᠠᠷ ᠴᠦ ᠡᠷᠡᠭᠡ ᠬᠤᠷᠢᠭ᠎ᠠ ᠦᠭᠡᠢ ᠶᠠᠷᠢᠯᠴᠠᠵᠤ ᠰᠠᠭᠤᠳᠠᠭ ᠬᠦᠮᠦᠨ ᠪᠠᠶᠢᠵᠠᠢ᠃ ᠵᠣᠳᠪᠠᠵᠠᠪ ᠵᠠᠯᠠᠭᠤ ᠦᠶ᠎ᠡ ᠳᠡᠭᠡᠨ ᠶᠡᠭᠡ ᠶᠠᠭᠠᠷᠠᠮᠠᠲᠠᠭᠠᠢ᠂ ᠬᠥᠩᠭᠡᠨ ᠵᠠᠩ ᠲᠠᠢ ᠬᠦᠮᠦᠨ ᠪᠠᠶᠢᠯ᠎ᠠ ᠭᠡᠳᠡᠭ᠃ ᠡᠵᠡᠨ ᠲᠥᠷᠦ ᠶᠢᠨ ᠠᠵᠢᠯ ᠦᠢᠯᠡᠰ ᠲᠤ ᠰᠢᠳᠣᠷᠭᠤ ᠪᠠᠶᠢᠳᠠᠭ᠃ ᠡᠨᠡ ᠣᠨᠴᠠᠯᠢᠭ ᠨᠢ ᠲᠡᠭᠦᠨ ᠤ ᠬᠤᠵᠢᠮ ᠤᠨ ᠨᠢᠭᠡ ᠨᠠᠰᠣᠨ ᠤ ᠬᠢᠨᠢ ᠦᠢᠯᠡ ᠶᠠᠪᠣᠳᠠᠯ ᠢᠶᠠᠷ ᠨᠡᠪᠲᠡ ᠢᠯᠡᠷᠡᠵᠦ ᠪᠠᠶᠢᠳᠠᠭ᠃        ᠵᠣᠳᠪᠠᠵᠠᠪ ᠰᠢᠯᠣᠭᠤᠨ ᠴᠠᠭᠠᠨ ᠦᠬᠡᠷᠴᠢᠨ ᠰᠦᠷᠦᠭ ᠤᠨ ᠠᠷᠬᠤ ᠬᠤᠰᠠᠢ ᠪᠠ ᠬᠤᠰᠠᠢ ᠳ᠋ᠠ ᠰᠠᠭᠤᠵᠤ ᠥᠩᠭᠡᠷᠡᠵᠡᠢ᠃        1908 ᠣᠨ ᠳᠤ ᠬᠤᠪᠳᠤᠭ ᠨᠣᠶᠠᠨ ᠭᠤᠩᠭᠤᠷᠵᠠᠪ ᠠᠮᠪᠠᠨ ᠢ ᠦᠬᠦᠭᠰᠡᠨ ᠤ ᠳᠠᠷᠠᠭ᠎ᠠ ᠭᠤᠷᠪᠠᠨ ᠬᠤᠰᠢᠭᠤ ᠳᠠᠷᠢᠭᠠᠩᠭ᠎ᠠ ᠦᠬᠡᠷ ᠬᠤᠨᠢᠨ ᠰᠦᠷᠦᠭ ᠤᠨ ᠠᠮᠪᠠᠨ ᠤ ᠳᠣᠰᠢᠶᠠᠯ ᠳᠤ ᠲᠣᠮᠢᠯᠠᠭᠳᠠᠵᠠᠢ᠃        1911 ᠣᠨ ᠳᠤ ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠡᠭᠦᠰᠴᠦ ᠮᠠᠨᠵᠤ ᠶᠢᠨ ᠹᠸᠣᠳᠠᠯ ᠬᠠᠭᠠᠨᠲᠤ ᠲᠥᠷᠦ ᠶᠢ ᠳᠦᠯᠬᠢᠨ ᠣᠨᠠᠭᠠᠭᠰᠠᠨ ᠪᠠ ᠠᠷᠤ ᠮᠣᠩᠭᠤᠯ ᠳᠣᠰᠠᠭᠠᠷ ᠳᠣᠭᠲᠠᠨᠢᠨ᠂ ᠣᠯᠠᠨ᠎ᠠ ᠡᠷᠭᠦᠭᠳᠡᠭᠰᠡᠨ ᠪᠣᠭᠳᠠ ᠬᠠᠭᠠᠨᠲᠤ ᠮᠣᠩᠭᠤᠯ ᠣᠯᠣᠰ ᠪᠠᠶᠢᠭᠤᠯᠣᠭᠳᠠᠵᠤ᠂ ᠳᠠᠷᠢᠭᠠᠩᠭ᠎ᠠ ᠰᠦᠷᠦᠭ ᠮᠠᠨᠵᠤ ᠶᠢᠨ ᠨᠣᠶᠠᠷᠬᠠᠯ ᠠᠴᠠ ᠠᠩᠬᠢᠵᠢᠷᠠᠨ ᠪᠣᠭᠳᠠ ᠬᠠᠭᠠᠨᠲᠤ ᠣᠯᠣᠰ ᠢ ᠳᠠᠭᠠᠭᠰᠠᠨ ᠳᠤ ᠳᠣᠮᠳᠠᠳᠤ ᠢᠷᠭᠡᠨ ᠣᠯᠣᠰ ᠤᠨ ᠲᠦᠷ ᠴᠠᠭ ᠤᠨ ᠶᠡᠷᠦᠩᠬᠡᠶᠢᠯᠡᠭᠴᠢ ᠶᠣᠸᠠᠨ ᠱᠢ ᠺᠠᠢ ᠣᠳᠠᠭ᠎ᠠ ᠳᠠᠷᠠᠭ᠎ᠠ ᠵᠠᠷᠯᠢᠭ ᠢᠷᠡᠵᠦ᠂ ᠳᠠᠷᠢᠭᠠᠩᠭ᠎ᠠ ᠲᠠᠪᠣᠨ ᠰᠦᠷᠦᠭ ᠢ ᠴᠡᠷᠢᠭ ᠤᠨ ᠬᠦᠴᠦ ᠪᠠᠷ ᠪᠣᠴᠠᠭᠠᠨ ᠠᠪᠴᠢᠷᠠᠬᠤ ᠶᠢ ᠱᠠᠭᠠᠷᠳᠠᠵᠤ᠂ ᠵᠣᠳᠪᠠᠵᠠᠪ ᠢ ᠴᠠᠬᠠᠷ ᠤᠨ ᠵᠡᠭᠦᠨ ᠵᠠᠮ ᠤᠨ ᠳᠡᠯᠡᠳᠦᠨ ᠴᠣᠬᠢᠬᠤ ᠴᠡᠷᠢᠭ ᠠᠩᠭᠢ ᠶᠢᠨ ᠶᠡᠷᠦᠩᠬᠡᠢ ᠵᠠᠬᠢᠷᠣᠭᠴᠢ ᠪᠠᠷ ᠲᠣᠮᠢᠯᠠᠨ ᠴᠠᠬᠠᠷ ᠳᠥᠷᠪᠡᠨ ᠰᠦᠷᠦᠭ ᠤᠨ ᠴᠡᠷᠢᠭ ᠢ ᠳᠠᠭᠠᠭᠤᠯᠵᠤ ᠬᠠᠯᠬ᠎ᠠ ᠮᠣᠩᠭᠤᠯ ᠣᠷᠣᠭᠤ ᠶᠠᠪᠣᠭᠤᠯᠵᠠᠢ᠃ ᠪᠠᠶᠢᠯᠳᠣᠭᠠᠨ ᠳᠣᠮᠳᠠ ᠵᠣᠳᠪᠠᠵᠠᠪ ᠰᠢᠷᠬᠠᠳᠣᠵᠤ ᠪᠣᠭᠳᠠ ᠶᠢᠨ ᠴᠡᠷᠢᠭ ᠲᠤ ᠪᠠᠷᠢᠭᠳᠠᠵᠤ᠂ ᠬᠦᠷᠢᠶ᠎ᠡ ᠱᠣᠷᠣᠩ ᠳᠤ ᠭᠤᠷᠪᠠᠨ ᠵᠢᠯ ᠭᠠᠷᠣᠢ ᠬᠤᠷᠢᠭᠳᠠᠵᠤ᠂ 1915 ᠣᠨ ᠳᠤ ᠣᠷᠣᠰ᠂ ᠳᠣᠮᠳᠠᠳᠤ᠂ ᠮᠣᠩᠭᠤᠯ ᠭᠤᠷᠪᠠᠨ ᠲᠠᠯ᠎ᠠ ᠶᠢᠨ ᠭᠡᠷ᠎ᠡ ᠠᠴᠠ ᠬᠤᠶᠢᠰᠢ ᠱᠣᠷᠣᠩ ᠠᠴᠠ ᠭᠠᠷᠴᠤ ᠣᠯᠣᠰ ᠲᠠᠭᠠᠨ ᠪᠣᠴᠠᠨ ᠢᠷᠡᠵᠡᠢ᠃ ᠡᠨᠡ ᠦᠶ᠎ᠡ ᠳᠤ ᠳᠣᠮᠳᠠᠳᠤ ᠢᠷᠭᠡᠨ ᠣᠯᠣᠰ ᠤᠨ ᠵᠠᠰᠠᠭ ᠤᠨ ᠭᠠᠵᠠᠷ ᠠᠴᠠ ᠭᠤᠷᠪᠠᠨ ᠬᠤᠰᠢᠭᠤ ᠦᠬᠡᠷ ᠬᠤᠨᠢᠨ ᠰᠦᠷᠦᠭ ᠢ ᠠᠳᠣᠭᠤᠨ ᠰᠦᠷᠦᠭ ᠪᠣᠯᠭᠠᠵᠤ᠂ ︽ᠮᠢᠩᠭᠠᠨ ᠪᠡᠯᠴᠢᠭᠡᠷ︾ ᠭᠡᠵᠦ ᠨᠡᠷᠡᠶᠢᠳᠴᠦ᠂ ᠰᠧᠷᠡᠩᠳᠣᠩᠷᠣᠪ ︵ᠪᠥᠯᠲᠦᠭᠡᠨ︶ ᠭᠡᠭᠴᠢ ᠬᠦᠮᠦᠨ ᠦᠬᠡᠷ ᠬᠤᠨᠢᠨ ᠰᠦᠷᠦᠭ ᠤᠨ ᠠᠮᠪᠠᠨ ᠢᠶᠠᠷ ᠲᠣᠮᠢᠯᠠᠭᠳᠠᠵᠤ᠂ ᠮᠢᠩᠭᠠᠨ ᠤ ᠪᠡᠯᠴᠢᠭᠡᠷ ᠤᠨ ᠳᠠᠷᠤᠭ᠎ᠠ ᠶᠢ ᠬᠠᠷᠢᠭᠤᠴᠠᠵᠤ ᠪᠠᠶᠢᠭᠰᠠᠨ ᠲᠣᠯᠠ ᠵᠣᠳᠪᠠᠵᠠᠪ ᠳᠣᠰᠬᠠᠢ ᠣᠷᠣᠨ ᠤ ᠬᠡᠰᠢᠭᠦᠨ᠂ ︽ᠳᠥᠷᠪᠡᠳᠦᠭᠡᠷ ᠵᠡᠷᠭᠡ ᠶᠢᠨ ᠴᠡᠷᠢᠭ ᠤᠨ ᠪᠠᠷᠰ ᠤᠨ ᠵᠠᠩᠵᠣᠨ᠂ ᠬᠡᠪ ᠦᠵᠡᠬᠦ ᠮᠠᠶᠢᠷᠠᠨ ᠵᠠᠩᠭᠢ ︵顺五位,四等五虎将︶ ᠭᠡᠰᠡᠨ ᠨᠡᠷ᠎ᠡ ᠵᠡᠭᠦᠵᠦ᠂ ᠵᠢᠯ ᠭᠠᠷᠣᠢ ᠭᠡᠷ ᠲᠡᠭᠡᠨ ᠪᠡᠶ᠎ᠡ ᠪᠠᠨ ᠰᠣᠪᠢᠯᠠᠨ ᠰᠠᠭᠤᠵᠠᠢ᠃        ᠳᠣᠮᠳᠠᠳᠤ ᠢᠷᠭᠡᠨ ᠣᠯᠣᠰ ᠤᠨ ᠵᠢᠷᠭᠤᠳᠣᠭᠠᠷ ᠣᠨ ︵1917 ᠣᠨ︶ ᠳᠤ ᠳᠣᠮᠳᠠᠳᠤ ᠢᠷᠭᠡᠨ ᠣᠯᠣᠰ  ᠤᠨ ᠮᠣᠩᠭᠤᠯ ᠲᠥᠪᠡᠳ ᠤᠨ ᠬᠤᠷᠢᠶᠠᠨ ᠤ ᠪᠡᠭᠡᠵᠢᠩ ᠳᠤ ᠰᠠᠭᠤᠭ᠎ᠠ ᠬᠡᠷᠡᠭ ᠡᠷᠬᠢᠯᠡᠬᠦ ᠭᠠᠵᠠᠷ ᠤᠨ ᠳᠡᠳ᠋ ᠳᠠᠷᠤᠭ᠎ᠠ  ᠪᠠᠷ ᠲᠣᠮᠢᠯᠠᠭᠳᠠᠵᠠᠢ᠃        1921 ᠣᠨ ᠤ ᠣᠷᠴᠢᠮ ᠠᠳᠣᠭᠤᠴᠢᠨ ᠤ ᠪᠥᠭᠦᠳᠡ ᠶᠢᠨ ᠳᠠᠷᠤᠭ᠎ᠠ ᠪᠠᠷ ᠲᠣᠮᠢᠯᠠᠭᠳᠠᠭᠠᠳ ᠳᠣᠰᠢᠶᠠᠯ ᠬᠦᠯᠢᠶᠡᠨ ᠠᠳᠣᠭᠤᠴᠢᠨ ᠳᠤ ᠣᠴᠢᠭᠠᠳ ᠳᠡᠮᠡᠢ ᠣᠳᠠᠭ᠎ᠠ ᠦᠭᠡᠢ᠂ 1922 ᠣᠨ ᠳᠤ ᠦᠬᠡᠷ ᠬᠤᠨᠢᠨ ᠰᠦᠷᠦᠭ  ᠤᠨ ᠪᠥᠭᠦᠳᠡ ᠶᠢᠨ ᠳᠠᠷᠤᠭ᠎ᠠ ᠪᠠ ᠮᠢᠩᠭᠠᠨ ᠮᠠᠯᠵᠢᠯ ᠤᠨ ᠲᠠᠯᠠᠪᠠᠢ ᠶᠢᠨ ᠳᠠᠷᠤᠭ᠎ᠠ ᠶᠢ ᠬᠠᠪᠰᠣᠷᠭᠠᠨ ᠬᠠᠷᠢᠭᠤᠴᠠᠵᠠᠢ᠃        ᠳᠣᠮᠳᠠᠳᠤ ᠢᠷᠭᠡᠨ ᠣᠯᠣᠰ ᠤᠨ ᠠᠷᠪᠠᠨ ᠨᠠᠢᠮᠠᠳᠣᠭᠠᠷ ᠣᠨ ︵1929︶ ᠣᠨ ᠳᠤ᠂ ᠪᠠᠳᠠᠷᠠᠭᠤᠯᠲᠤ ᠲᠥᠷᠦ ᠶᠢᠨ ᠦᠶ᠎ᠡ ᠳᠤ ᠴᠢᠩ ᠣᠯᠣᠰ ᠤᠨ ᠵᠠᠰᠠᠭ ᠤᠨ ᠭᠠᠵᠠᠷ ᠠᠴᠠ ᠳᠦᠰᠢᠮᠡᠯ ᠲᠣᠮᠢᠠᠯᠨ ᠡᠸᠦ᠋ᠷᠣᠫᠡ ᠶᠢᠨ ᠬᠥᠭᠵᠢᠭᠰᠡᠨ ᠬᠥᠷᠦᠩᠭᠡᠲᠦ ᠭᠦᠷᠦᠨ ᠤ ᠳᠠᠪᠰᠢᠭᠰᠠᠨ ᠡᠮᠨᠡᠯᠭᠡ ᠶᠢᠨ ᠬᠤᠷᠢᠶ᠎ᠠ ᠨᠤᠭᠤᠳ ᠲᠤ ᠣᠴᠢᠭᠤᠯᠣᠨ ᠮᠠᠨᠵᠤ ᠬᠡᠯᠡ ᠪᠠᠷ ᠪᠢᠴᠢᠭᠰᠡᠨ ︽ᠬᠡ ᠲᠢ ᠴᠢᠦᠸᠠᠨ ᠯᠤ᠋︾ ︵个体全录︶ ᠪᠣᠶᠤ ︽ᠪᠣᠳᠠᠭᠠᠯᠢ ᠪᠡᠶ᠎ᠡ ᠶᠢᠨ ᠪᠦᠷᠢᠨ ᠲᠡᠮᠳᠡᠭᠯᠡᠯ︾ ᠬᠡᠮᠡᠬᠦ ᠵᠠᠳᠠᠯᠬᠤᠢ ᠣᠬᠠᠭᠠᠨ ᠤ ᠪᠢᠴᠢᠭ ᠢ ᠰᠣᠨᠢᠨᠪᠠᠶᠠᠷ᠂ ᠥᠯᠵᠡᠶᠢᠵᠠᠩᠭ᠎ᠠ ᠬᠤᠶᠠᠷ ᠪᠢᠴᠢᠭᠡᠴᠢ  ᠪᠠᠷ ᠮᠣᠩᠭᠤᠯ ᠬᠡᠯᠡ ᠪᠠᠷ ᠣᠷᠴᠢᠭᠤᠯᠣᠨ᠂ ᠲᠡᠮᠭᠡᠲᠦ ᠪᠠᠷ ᠵᠢᠷᠤᠭ ᠢ ᠨᠢ ᠵᠢᠷᠣᠭᠤᠯᠣᠨ᠂ ᠥᠪᠡᠷ ᠤᠨ ᠵᠣᠭᠤᠰ ᠢᠶᠠᠷ  ᠢᠶᠠᠨ ᠲᠡᠮᠭᠡᠲᠦ ᠶᠢᠨ ᠡᠷᠬᠢᠯᠡᠭᠰᠡᠨ ᠲᠣᠭᠤᠯᠭᠠᠨ ᠪᠠᠷ ᠢᠶᠠᠷ ᠬᠡᠪᠯᠡᠭᠦᠯᠵᠦ᠂ ᠴᠠᠬᠠᠷ ᠪᠣᠯᠣᠨ ᠰᠢᠯᠢ ᠶᠢᠨ ᠭᠤᠣᠯ ᠤᠨ ᠣᠯᠠᠨ ᠬᠤᠰᠢᠭᠤᠳ ᠲᠤ ᠦᠨ᠎ᠡ ᠥᠷᠳᠡᠭ ᠠᠪᠬᠤ ᠦᠭᠡᠢ ᠪᠠᠷ ᠳᠠᠷᠬᠠᠭᠠᠭᠰᠠᠨ ᠪᠠᠶᠢᠨ᠎ᠠ᠃ ᠡᠨᠡ ᠨᠢ ᠳᠣᠬᠠᠢ ᠶᠢᠨ ᠦᠶ᠎ᠡ ᠳᠤ ᠡᠸᠦ᠋ᠷᠣᠫᠡ ᠶᠢᠨ ᠡᠮᠨᠡᠯᠭᠡ ᠲᠠᠢ ᠲᠠᠨᠢᠯᠴᠠᠬᠤ ᠶᠢᠨ ᠡᠭᠦᠳᠡ ᠶᠢ ᠨᠡᠭᠡᠭᠡᠵᠦ ᠥᠭᠭᠦᠭᠰᠡᠨ ᠪᠠᠶᠢᠪᠠ᠃        1934 ᠣᠨ ᠤ ᠭᠤᠷᠪᠠᠳᠣᠭᠠᠷ ᠰᠠᠷ᠎ᠠ ᠳᠤ ︽ᠮᠣᠩᠭᠤᠯ ᠣᠷᠣᠨ ᠤ ᠥᠪᠡᠷᠲᠡᠭᠡᠨ ᠵᠠᠰᠠᠬᠤ ᠵᠠᠰᠠᠭ ᠤᠨ ᠶᠠᠪᠣᠳᠠᠯ ᠤᠨ ᠬᠤᠷᠠᠯ︾ ᠤᠨ ᠭᠡᠰᠢᠭᠦᠨ ᠢᠶᠠᠷ ᠰᠣᠩᠭᠤᠭᠳᠠᠵᠠᠢ᠃ 1936 ᠣᠨ ᠤ ᠬᠤᠶᠠᠳᠣᠭᠠᠷ ᠰᠠᠷ᠎ᠠ ᠳᠤ ᠴᠠᠬᠠᠷ ᠠᠶᠢᠮᠠᠭ ᠤᠨ ᠳᠠᠷᠤᠭ᠎ᠠ᠂ ᠴᠠᠬᠠᠷ ᠤᠨ ᠠᠮᠣᠷ ᠢ ᠬᠠᠮᠠᠭᠠᠯᠠᠬᠤ ᠴᠡᠷᠢᠭ ᠤᠨ ᠳᠠᠷᠤᠭ᠎ᠠ ᠶᠢ ᠬᠠᠪᠰᠣᠷᠭᠠᠭᠰᠠᠨ ᠳᠣᠰᠢᠶᠠᠯ  ᠳᠤ ᠲᠣᠮᠢᠯᠠᠭᠳᠠᠭᠰᠠᠨ ᠪᠠᠶᠢᠨ᠎ᠠ᠃ 1937 ᠣᠨ ᠤ ᠨᠠᠮᠣᠷ ᠮᠢᠩᠭᠠᠨ ᠬᠤᠰᠢᠭᠤᠨ ᠤ ᠳᠠᠷᠤᠭ᠎ᠠ ᠶᠢ ᠬᠠᠪᠰᠣᠷᠭᠠᠨ ᠬᠠᠷᠢᠭᠤᠴᠠᠪᠠ᠃        1939 ᠣᠨ ᠠᠴᠠ 1945 ᠣᠨ ᠤ 8 ᠰᠠᠷ᠎ᠠ ᠬᠦᠷᠲᠡᠯ᠎ᠡ ᠮᠣᠩᠭᠤᠯ ᠬᠢᠵᠠᠭᠠᠷ ᠣᠷᠣᠨ ᠤ ᠵᠠᠰᠠᠭ ᠤᠨ ᠶᠠᠪᠣᠳᠠᠯ ᠤᠨ ᠬᠤᠷᠢᠶᠠᠨ ᠤ ᠳᠠᠷᠤᠭ᠎ᠠ ᠪᠣᠯᠣᠨ ᠵᠥᠪᠯᠡᠨ ᠶᠠᠷᠢᠯᠴᠠᠬᠤ ᠬᠤᠷᠢᠶᠠᠨ ᠤ ᠳᠠᠮᠨᠠᠨ ᠵᠥᠪᠯᠡᠭᠴᠢ ᠵᠡᠷᠭᠡ ᠶᠢᠨ ᠳᠣᠰᠢᠶᠠᠯ ᠢ ᠬᠠᠷᠢᠭᠤᠴᠠᠵᠤ ᠪᠠᠶᠢᠪᠠ᠃        1945 ᠣᠨ ᠤ 9 ᠰᠠᠷ᠎ᠠ ᠳᠤ ᠪᠥᠭᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠤᠨ ᠴᠡᠷᠢᠭ ᠢᠷᠡᠵᠦ ᠵᠣᠳᠪᠠᠵᠠᠪ ᠢ ᠪᠠᠷᠢᠵᠤ ᠠᠪᠣᠭᠠᠳ ᠶᠠᠪᠣᠭᠰᠠᠨ ᠠᠴᠠ ᠬᠤᠶᠢᠰᠢ ᠠᠯᠠᠭ᠎ᠠ ᠪᠣᠯᠣᠭᠰᠨ ᠪᠠᠶᠢᠨ᠎ᠠ᠃ᠵᠣᠳᠪᠠᠵᠠᠪ 2003 ᠣᠨ ᠳᠤ ︽ᠴᠠᠬᠠᠷ ᠰᠢᠯᠣᠭᠤᠨ ᠴᠠᠭᠠᠨ ᠦᠬᠡᠷ ᠬᠤᠨᠢᠨ ᠰᠦᠷᠦᠭ︾᠂ 2004 ᠣᠨ ᠳᠤ ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾᠂ ︽ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ ︵ᠳᠣᠣᠷᠠᠳᠤ︶︾ ᠵᠡᠷᠭᠡ ᠨᠣᠮ ᠳᠤ ᠲᠡᠮᠳᠡᠭᠯᠡᠭᠳᠡᠵᠡᠢ᠃  ︽ᠰᠢᠯᠣᠭᠤᠨ ᠬᠥᠭᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠣ ᠰᠡᠶᠢᠷᠡᠭᠦᠯᠪᠡ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号