| ᠳᠣᠯᠠᠮᠵᠠᠪ ︵1878~1945 ᠣᠨ︶᠂ ᠱᠠᠯᠣᠤ ᠭᠡᠳᠡᠭ ᠨᠢ ᠪᠠᠭ᠎ᠠ ᠶᠢᠨ ᠬᠢᠨᠢ ᠨᠡᠷ᠎ᠡ᠂ ᠵᠢᠩᠬᠢᠨᠢ | ᠨᠡᠷ᠎ᠡ ᠳᠣᠯᠠᠮᠵᠠᠪ ᠭᠡᠳᠡᠭ᠃ ᠬᠤᠷᠴᠢᠨ ᠠᠷᠪᠠᠨ ᠬᠤᠶᠠᠳᠣᠭᠠᠷ ᠰᠣᠮᠣᠨ ᠤ ᠬᠦᠮᠦᠨ᠂ ᠲᠡᠷᠡ1878 ᠣᠨ ᠳᠤ ︵ | ᠰᠢᠷ᠎ᠠ ᠪᠠᠷᠰ ᠵᠢᠯ︶ ᠬᠤᠷᠴᠢᠨ ᠰᠣᠮᠣᠨ ᠤ ᠨᠢᠭᠡᠨ ᠴᠢᠨᠡᠭᠡᠯᠢᠭ ᠠᠶᠢᠯ ᠳᠤ ᠲᠥᠷᠦᠵᠡᠢ᠃ ᠬᠤᠷᠴᠢᠨ ᠰᠣᠮᠣᠨ ᠤ | ᠬᠦᠩᠲᠡ ᠪᠠᠶᠢᠵᠤ ᠥᠩᠭᠡᠷᠡᠵᠡᠢ᠃ ᠲᠡᠷᠡ ᠬᠡᠳᠦᠶᠢᠪᠡᠷ ᠮᠠᠨᠵᠤ ᠮᠣᠩᠭᠤᠯ ᠨᠣᠮ ᠪᠢᠴᠢᠭ ᠢ ᠨᠡᠪᠲᠡᠷᠬᠡᠢ ᠰᠣᠷᠣᠭᠰᠠᠨ | ᠦᠭᠡᠢ ᠪᠣᠯᠪᠠᠴᠤ ᠣᠬᠠᠭᠠᠨ ᠰᠠᠨᠠᠭ᠎ᠠ ᠰᠡᠷᠭᠦᠯᠡᠩ᠂ ᠠᠮᠠ ᠬᠡᠯᠡ ᠬᠤᠷᠴᠠ᠂ ᠬᠠᠵᠠᠭᠠᠢ ᠪᠣᠷᠣᠭᠤ ᠶᠢ ᠦᠵᠡᠵᠦ | ᠴᠢᠳᠠᠬᠤ ᠦᠭᠡᠢ᠂ ᠬᠡᠨ ᠲᠠᠢ ᠴᠦ ᠭᠡᠰᠡᠨ ᠶᠣᠰᠤ ᠶᠠᠷᠢᠬᠤ ᠠᠴᠠ ᠪᠣᠴᠠᠳᠠᠭ ᠦᠭᠡᠢ ᠵᠣᠷᠢᠭ ᠬᠠᠲᠠᠭᠤ ᠬᠦᠮᠦᠨ | ᠪᠠᠶᠢᠯ᠎ᠠ ᠭᠡᠳᠡᠭ᠃ ᠲᠡᠭᠦᠨ ᠢ ᠠᠷᠪᠠᠨ ᠲᠠᠪᠣᠨ ᠨᠠᠰᠣᠲᠠᠢ ᠳᠤᠨᠢ ᠡᠴᠢᠭᠡ ᠡᠬᠡ ᠨᠢ ᠬᠡᠰᠢᠭᠲᠡᠨ ᠬᠤᠰᠢᠭᠤᠨ ᠠᠴᠠ | ᠡᠬᠡᠨᠡᠷ ᠪᠠᠭᠤᠯᠭᠠᠨ ᠥᠭᠴᠦ᠂ ᠳᠡᠮᠡᠢ ᠣᠳᠠᠯ ᠦᠭᠡᠢ ᠡᠴᠢᠭᠡ ᠡᠬᠡ ᠨᠢ ᠣᠷᠢᠳ ᠬᠤᠵᠢᠳ ᠨᠠᠰᠤ ᠪᠠᠷᠠᠵᠤ᠂ ᠰᠡᠭᠦᠯ | ᠳᠤᠨᠢ ᠭᠡᠷᠬᠡᠢ ᠨᠢ ᠬᠦᠨᠳᠦ ᠡᠪᠡᠳᠴᠢᠯᠡᠵᠦ ᠳᠥᠷᠬᠦᠮ ᠳᠡᠭᠡᠨ ᠬᠠᠷᠢᠭᠠᠳ ᠡᠮᠨᠡᠭᠦᠯᠦᠨ ᠵᠠᠰᠠᠭᠤᠯᠵᠤ᠂ ᠨᠣᠮ ᠭᠦᠷᠢᠮ | ᠬᠢᠯᠭᠡᠭᠰᠡᠨ ᠴᠦ ᠢᠯᠡᠷᠢ ᠪᠣᠯᠣᠭᠰᠠᠨ ᠦᠭᠡᠢ ᠨᠠᠰᠤ ᠪᠠᠷᠠᠵᠠᠢ᠃ ᠱᠠᠯᠣᠤ ᠲᠣᠯᠣᠭᠠᠢ ᠶᠢᠨ ᠵᠠᠰᠠᠯ ᠢ ᠵᠠᠪᠠᠯ ᠪᠣᠴᠠᠭᠠᠨ | ᠠᠪᠣᠨ᠎ᠠ ᠭᠡᠵᠦ ᠮᠠᠷᠭᠤᠭᠠᠨ ᠪᠣᠯᠵᠤ ᠬᠠᠷᠢᠵᠤ ᠢᠷᠡᠭᠡᠳ ᠰᠣᠮᠣᠨ ᠳᠠᠭᠠᠨ ᠵᠠᠭᠠᠯᠳᠣᠵᠠᠢ᠃ ᠱᠠᠯᠤᠤ ᠶᠢᠨ ᠬᠠᠳᠠᠮ | ᠡᠴᠢᠭᠡ ᠨᠢ ᠬᠤᠷᠴᠢᠨ ᠰᠣᠮᠣ ᠪᠠᠷ ᠳᠠᠰᠣᠯᠣᠭᠤᠯᠪᠠᠯ ᠵᠥᠪ ᠢᠶᠠᠨ ᠣᠯᠵᠤ ᠳᠡᠶᠢᠯᠬᠦ ᠦᠭᠡᠢ ᠪᠠᠨ ᠮᠡᠳᠡᠵᠦ ᠱᠠᠯᠣᠤ | ᠠᠴᠠ ᠡᠮᠦᠨ᠎ᠡ ᠵᠠᠪᠳᠣᠵᠤ ᠰᠢᠯᠣᠭᠤᠨ ᠬᠥᠬᠡ ᠬᠤᠰᠢᠭᠤᠨ ᠤ ᠲᠠᠮᠠᠭ᠎ᠠ ᠶᠢᠨ ᠭᠠᠵᠠᠷ ᠬᠥᠳᠡᠯᠭᠦᠯᠡᠩᠲᠦ ᠡᠷᠭᠦᠭᠳᠡᠯ | ᠡᠷᠭᠦᠵᠦ᠂ ᠬᠡᠭᠡᠯᠢ ᠳᠦᠯᠬᠢᠵᠦ ᠭᠡᠨ᠎ᠡ᠃ ᠲᠠᠮᠠᠭ᠎ᠠ ᠶᠢᠨ ᠭᠠᠵᠠᠷ ᠠᠴᠠ ᠱᠠᠯᠣᠤ ᠶᠢ ᠳᠠᠭᠤᠳᠠᠨ ᠪᠣᠷᠣᠭᠤᠳᠬᠠᠭᠰᠠᠨ ᠳᠤ | ᠬᠡᠨ ᠲᠠᠢ ᠬᠡᠯᠡᠯᠴᠡᠬᠦ ᠠᠴᠠ ᠪᠣᠴᠠᠳᠠᠭ ᠦᠭᠡᠢ ᠱᠠᠯᠣᠤ᠂ ᠬᠡᠯᠡᠨ ᠤ ᠬᠤᠷᠴᠠ ᠬᠡᠳᠦᠢ ᠵᠠᠷᠣᠪᠠᠴᠣ ᠪᠣᠯᠣᠭᠰᠠᠨ ᠦᠭᠡᠢ | ᠭᠦᠳᠬᠡᠭᠳᠡᠵᠦ ᠳᠥᠴᠢᠨ ᠳᠠᠰᠢᠭᠤᠷ ᠭᠤᠶᠠᠳᠠᠭᠳᠠᠵᠠᠢ᠃ ᠢᠩᠭᠢᠭᠡᠳ ᠱᠠᠯᠣᠤ ᠮᠥᠨ ᠪᠣᠷᠤᠭᠤ ᠪᠠᠨ ᠮᠡᠳᠡᠷᠡᠬᠦ ᠦᠭᠡᠢ | ᠲᠣᠯᠠ᠂ ᠳᠠᠬᠢᠨ ᠭᠤᠶᠠᠳᠠᠬᠤ ᠠᠷᠭ᠎ᠠ ᠦᠭᠡᠢ ︵ᠡᠷᠡᠭᠦᠦ ᠶᠢᠨ ᠬᠡᠷᠡᠭ ᠪᠣᠰᠤ︶ ᠪᠣᠯᠬᠤ ᠳᠠᠭᠠᠨ ᠬᠠᠦᠯᠢ ᠶᠣᠰᠤ ᠶᠢ | ᠵᠥᠷᠢᠴᠡᠨ᠂ ᠵᠠᠬᠢᠷᠭ᠎ᠠ ᠶᠢ ᠡᠰᠡᠷᠭᠦᠴᠡᠭᠰᠡᠨ ᠶᠡᠯ᠎ᠡ ᠳᠣᠬᠤᠵᠤ ᠬᠠᠳᠠᠵᠤ ︵ᠭᠢᠨᠵᠢ ᠳᠣᠰᠢᠶᠠ ᠵᠡᠭᠦᠯᠭᠡᠬᠦ︶ ᠬᠤᠷᠢᠭᠰᠠᠨ | ᠪᠠᠶᠢᠨ᠎ᠠ᠃ ᠬᠡᠳᠦᠨ ᠰᠠᠷ᠎ᠠ ᠬᠤᠷᠢᠭᠠᠳ ᠰᠣᠯᠠ ᠭᠠᠷᠭᠠᠬᠤ ᠦᠶ᠎ᠡ ᠳᠤ ᠱᠠᠯᠣᠤ ᠮᠥᠨ ᠬᠢᠯᠢᠰ ᠲᠣᠭᠠᠴᠢᠵᠤ ᠨᠣᠮᠣᠬᠠᠨ | ᠦᠭᠡᠢ ᠪᠣᠯᠬᠤᠷ᠂ ᠪᠠᠶᠢᠷᠢ ᠶᠢ ᠨᠢ ᠮᠣᠯᠲᠣᠯᠵᠤ ᠹᠦᠩᠯᠦ ᠶᠢ ᠨᠢ ᠬᠠᠰᠣᠭᠠᠳ ᠰᠤᠯᠠ ᠠᠷᠠᠳ ᠪᠣᠯᠭᠠᠨ ᠬᠥᠭᠡᠭᠡᠵᠡᠢ᠃ | ᠶᠠᠭ ᠲᠡᠷᠡ ᠦᠶ᠎ᠡ ᠳᠤ ᠥᠭᠡᠷ᠎ᠡ ᠬᠤᠰᠢᠭᠤᠨ ᠤ ᠭᠦᠯᠦ ᠬᠥᠬᠡ ᠳᠤ ᠨᠢᠭᠡ ᠰᠢᠨ᠎ᠡ ᠠᠮᠪᠠᠨ ᠢᠷᠡᠭᠰᠡᠨ ᠲᠠᠢ | ᠳᠣᠬᠢᠶᠠᠯᠳᠣᠵᠤ ᠠᠮᠪᠠᠨ ᠲᠣᠩ ᠠᠭᠤᠷᠲᠠᠢ ᠪᠠᠷ ᠴᠢ ᠬᠠᠮᠢᠭᠠᠬᠢ ᠬᠦᠮᠦᠨ ᠪᠣᠢ︖ ᠬᠡᠵᠢᠭᠡ ᠪᠠᠨ ᠲᠣᠯᠣᠭᠠᠢ ᠳᠠᠭᠠᠨ | ᠣᠷᠢᠶᠠᠬᠤ ᠪᠣᠯ ᠣᠷᠪᠠᠭᠰᠠᠳ ᠤᠨ ᠢᠯᠡᠷᠡᠯ᠂ ᠴᠢ ᠬᠦᠨᠳᠦ ᠣᠰᠣᠯ ᠢᠶᠠᠨ ᠮᠡᠳᠡᠵᠦ ᠪᠠᠶᠢᠨ᠎ᠠ ᠦᠦ︖ ᠭᠡᠵᠦ | ᠠᠭᠰᠣᠷᠣᠨ ᠵᠠᠩᠳᠣᠷᠴᠤ ᠳᠠᠬᠢᠨ ᠳᠠᠰᠢᠭᠤᠷᠳᠠᠬᠤ ᠪᠠᠷ ᠬᠦᠮᠦᠨ ᠳᠠᠭᠤᠳᠠᠭᠰᠠᠨ ᠳᠤ᠂ ᠱᠠᠯᠣᠤ ᠮᠢᠨᠤ ᠡᠨᠡ ᠪᠣᠯ | ᠲᠥᠮᠡᠨᠲᠡᠢ ᠶᠠᠯ᠎ᠠ᠂ ᠠᠮᠪᠠᠨ ᠠᠪᠤ ᠥᠷᠦᠰᠢᠶᠡᠬᠦ ᠪᠣᠯᠪᠠᠤ ᠦᠦ ᠭᠡᠵᠦ ᠳᠣᠷᠣᠭᠰᠢ ᠰᠥᠭᠦᠳᠴᠦ ᠦᠨᠡᠨ ᠣᠴᠢᠷ ᠢᠶᠠᠨ | ᠶᠠᠷᠢᠵᠠᠢ᠃ ᠠᠮᠪᠠᠨ ᠡᠨᠡ ᠵᠠᠯᠠᠭᠤ ᠳᠤ ᠬᠢᠯᠢᠰᠳᠡᠭᠰᠡᠨ ᠶᠠᠪᠣᠳᠠᠯ ᠪᠠᠶᠢᠨ᠎ᠠ ᠭᠡᠵᠦ ᠪᠣᠳᠣᠭᠠᠳ ︽ᠪᠣᠰ᠂ ᠴᠢᠮ᠎ᠠ ᠳᠤ | ᠰᠢᠢᠳᠬᠡᠯ ᠥᠭᠬᠦ ᠦᠭᠡᠢ ᠥᠩᠭᠡᠷᠡᠭᠡᠶ᠎ᠡ︾ ᠢᠩᠭᠢᠭᠡᠳ ᠠᠮᠪᠠᠨ ᠣᠴᠢᠷ ᠢ ᠪᠠᠶᠢᠴᠠᠭᠠᠨ ᠰᠣᠳᠣᠯᠵᠤ ᠱᠠᠯᠣᠤ ᠶᠢᠨ | ᠬᠢᠯᠢᠰ ᠬᠡᠷᠡᠭ ᠪᠣᠯᠣᠭᠰᠠᠨ ᠢ ᠮᠡᠳᠡᠭᠡᠳ ᠳᠠᠬᠢᠨ ᠰᠢᠭᠦᠵᠦ᠂ ᠱᠠᠯᠣᠤ ᠶᠢᠨ ᠡᠳ᠋ᠯᠡᠯ ᠵᠠᠰᠠᠯ ᠢ ᠨᠢ ᠣᠯᠭᠤᠨ ᠥᠭᠴᠦ᠂ | ᠪᠠᠶᠢᠷᠢ ᠶᠢ ᠨᠢ ᠰᠡᠷᠭᠦᠭᠡᠨ ᠹᠦᠩᠯᠦ ᠴᠠᠯᠢᠩ ᠣᠯᠭᠤᠨ ᠴᠠᠭᠠᠳᠬᠠᠵᠠᠢ᠃ ᠡᠭᠦᠨ ᠠᠴᠠ ᠬᠤᠶᠢᠰᠢ ᠱᠠᠯᠣᠤ ᠠᠶᠢᠯ ᠣᠯᠠᠨ | ᠲᠠᠢ ᠪᠠᠨ ᠬᠠᠮᠲᠣᠷᠠᠨ ᠡᠵᠢ ᠨᠠᠭᠤᠷ ᠠᠴᠠ ᠳᠠᠪᠣᠰᠤ ᠵᠥᠭᠡᠭᠡᠪᠦᠷᠢᠯᠡᠨ ᠠᠪᠠ ᠶᠢᠨ ᠠᠭᠤᠯᠠ ︵ᠸᠧᠢ ᠴᠠᠩ ᠰᠢᠶᠠᠨ︶ | ᠳᠤ ᠳᠠᠪᠣᠰᠤ ᠪᠠᠷ ᠢᠶᠠᠨ ᠡᠳ᠋ ᠪᠠᠷᠠᠭ᠎ᠠ᠂ ᠪᠣᠳᠠᠭ᠎ᠠ ᠭᠤᠯᠢᠷ ᠰᠣᠯᠢᠬᠤ ᠳᠤ ᠳᠠᠪᠣᠰᠣᠨ ᠤ ᠦᠨ᠎ᠡ ᠰᠠᠶᠢᠨ ᠪᠣᠯᠪᠠᠴᠤ | ᠶᠡᠭᠡ ᠵᠢᠩ ᠠᠪᠴᠤ ᠪᠠᠭ᠎ᠠ ᠵᠢᠩ ᠢᠶᠠᠷ ᠥᠭᠬᠦ ᠳᠤ ᠬᠡᠷᠡᠭᠦᠯ ᠮᠠᠷᠭᠤᠭᠠᠨ ᠪᠣᠯᠵᠤ ᠰᠢᠶᠡᠨ ᠤ ᠭᠠᠵᠠᠷ ᠵᠠᠷᠭᠤᠯᠳᠣᠭᠰᠠᠨ | ᠶᠣᠮ᠂ ᠱᠠᠯᠣᠤ ᠲᠠᠪᠣᠨ ᠦᠬᠡᠷ ᠲᠡᠷᠭᠡ ᠶᠢᠨ ᠨᠢᠭᠡ ᠶᠢ ᠪᠠᠭᠰᠢ ᠳᠠᠭᠠᠨ ᠪᠠᠷᠢᠵᠤ᠂ ᠳᠥᠷᠪᠡ ᠶᠢ ᠨᠢ ᠬᠤᠳᠠᠯᠳᠣᠵᠤ | ᠵᠣᠭᠤᠰ ᠪᠣᠯᠭᠠᠨ ᠵᠠᠷᠭᠤ ᠬᠢᠵᠡᠢ᠃ ᠶᠡᠭᠡ ᠵᠢᠩ ᠨᠢ ᠬᠤᠷᠢᠨ ᠯᠠᠩ᠂ ᠪᠠᠭ᠎ᠠ ᠵᠢᠩ ᠨᠢ13.5 ᠯᠠᠩ᠂ ᠶᠡᠭᠡ ᠳ᠋ᠸᠤ ᠨᠢ | 36 ᠵᠢᠩ᠂ ᠪᠠᠭ᠎ᠠ ᠳ᠋ᠸᠤ ᠨᠢ 28 ᠵᠢᠩ ᠪᠠᠶᠢᠵᠠᠢ᠃ ᠢᠩᠭᠢᠭᠡᠳ ᠴᠧᠩ ᠳ᠋ᠧ ᠪᠣᠯᠣᠨ ᠴᠢᠭᠤᠯᠣᠯᠲᠤ ᠬᠠᠭᠠᠯᠭ᠎ᠠ | ᠠᠴᠠ ᠪᠠᠶᠢᠴᠠᠭᠠᠵᠤ ᠰᠢᠢᠳᠭᠡᠭᠰᠡᠨ ᠠᠴᠠ ᠬᠤᠶᠢᠰᠢ ᠪᠣᠳᠠᠰ ᠬᠤᠷᠢᠶᠠᠬᠤ ᠪᠠ ᠥᠭᠬᠦ ᠳᠤ ᠪᠥᠷ ᠨᠢᠭᠡ ᠯᠡ ᠠᠳᠠᠯᠢ 16 | ᠯᠠᠩ ᠤᠨ ᠵᠢᠩ᠂ 30 ᠵᠢᠩ ᠤᠨ ᠳ᠋ᠸᠤ ᠪᠣᠯᠭᠠᠭᠰᠠᠨ ᠳᠤ ᠣᠯᠠᠨ ᠲᠥᠮᠡᠨ ᠤ ᠬᠦᠷᠢᠶᠡᠯᠡᠯ ᠢ ᠣᠯᠵᠤ ︽ᠱᠠᠯᠤᠣ ᠶᠢᠨ | ᠵᠢᠩ︾᠂ ︽ᠱᠠᠯᠣᠤ ᠶᠢᠨ ᠳ᠋ᠸᠤ︾ ᠭᠡᠵᠦ ᠳᠠᠭᠤᠳᠠᠬᠤ ᠪᠣᠯᠵᠤ ᠡᠭᠦᠨ ᠢ ᠵᠠᠷᠣᠬᠤ ᠪᠣᠯᠵᠠᠢ᠃ | ᠲᠡᠷᠡ 25 ᠨᠠᠰᠣᠲᠠᠢ ᠳᠠᠭᠠᠨ ᠪᠣᠱᠣᠭᠤ ᠪᠣᠯᠵᠤ᠂ 32 ᠨᠠᠰᠣᠲᠠᠢ ᠳᠠᠭᠠᠨ ᠭᠦᠩᠲᠡ ᠪᠣᠯᠵᠤ᠂ | ᠬᠤᠰᠢᠭᠤᠨ ᠤ ᠵᠢᠰᠢᠶ᠎ᠡ ᠰᠠᠭᠤᠬᠤ ᠠᠯᠪᠠ ᠶᠢ ᠴᠦ ᠬᠢᠵᠠᠢ᠃ ᠲᠠᠮᠠᠭ᠎ᠠ ᠵᠠᠬᠢᠷᠣᠯᠭᠠ ᠶᠢᠨ ᠵᠠᠩᠭᠢ᠂ ᠲᠡᠷᠢᠭᠦᠯᠡᠭᠰᠡᠨ | ᠵᠠᠩᠭᠢ᠂ ᠬᠡᠷᠡᠭ ᠪᠠᠷᠢᠯᠴᠠᠬᠤ ᠵᠠᠩᠭᠢ᠂ ᠵᠥᠪᠯᠡᠭᠴᠢ ᠵᠠᠩᠭᠢ ᠬᠦᠷᠲᠡᠯ᠎ᠡ ᠳᠠᠪᠰᠢᠵᠠᠢ᠃ | ᠱᠠᠯᠣᠤ ᠶᠢᠨ ᠭᠦᠩᠲᠡ ᠪᠣᠯᠣᠭᠰᠠᠨ ᠠᠴᠠ ᠬᠤᠶᠢᠰᠢ᠂ ᠠᠷᠠᠳ ᠣᠯᠠᠨ ᠳᠠᠭᠠᠨ ᠠᠯᠢ ᠣᠯᠠᠨ ᠠᠰᠢᠭ ᠲᠠᠢ | ᠠᠵᠢᠯ ᠬᠢᠬᠦ ᠳᠣᠮᠳᠠ ᠠᠮᠪᠠᠨ ᠨᠣᠶᠠᠳ ᠤᠨ ᠠᠷᠠᠳ ᠢᠷᠭᠡᠳ ᠢ ᠭᠠᠰᠠᠯᠭᠠᠵᠤ ᠲᠦᠷᠢᠶᠡᠰᠦ ᠬᠤᠷᠢᠶᠠᠬᠤ᠂ ᠬᠤᠶᠠᠳᠠᠬᠢ | ᠣᠳᠠᠭ᠎ᠠ ᠶᠠᠫᠣᠨ ᠨᠣᠶᠠᠨ ᠮᠥᠨ 20 ᠯᠠᠩ ᠤᠨ ᠶᠡᠭᠡ ᠳᠠᠪᠣᠰᠤ ᠬᠤᠷᠢᠶᠠᠵᠤ ᠪᠠᠶᠢᠭᠰᠠᠨ ᠢ ᠱᠠᠯᠣᠤ ᠮᠡᠳᠡᠭᠡᠳ ᠲᠡᠭᠦᠨ | ᠢ ᠴᠢᠷᠴᠦ ᠠᠪᠴᠢᠷᠠᠭᠠᠳ ︽ᠲᠠᠨ ᠤ ᠬᠠᠭᠠᠨᠲᠤ ᠣᠯᠣᠰ ᠤᠨ ᠵᠢᠩ ᠴᠢᠨᠢ ᠶᠠᠭᠠᠬᠢᠭᠠᠳ ᠡᠶᠢᠮᠦ ᠪᠣᠯᠣᠭᠰᠠᠨ ᠶᠣᠮ︖ | ᠡᠭᠦᠨ ᠢ ᠪᠠᠨ ᠥᠭᠡᠷᠡᠴᠢᠯᠡᠨ᠎ᠡ ᠦᠦ︖ ᠦᠭᠡᠢ ᠦᠦ︖︾ ᠭᠡᠳ ᠥᠨᠦ ᠵᠢᠩ ᠢ ᠨᠢ ᠭᠠᠵᠠᠷ ᠳᠡᠪᠢᠰᠦᠭᠡᠳ᠂ | ᠠᠷᠠᠳ ᠲᠠᠭᠠᠨ ︽ᠲᠠ ᠨᠠᠷ ᠲᠡᠷᠭᠡ ᠪᠠᠨ ᠬᠥᠯᠦᠭᠡᠳ ᠶᠠᠪᠤ︕ ᠶᠠᠪᠣᠳᠠᠯ ᠣᠴᠢᠷ ᠪᠠᠶᠢᠳᠠᠭ ᠪᠣᠯ ᠮᠢᠨᠤ ᠬᠡᠷᠡᠭ︕︾ | ᠭᠡᠳ ᠶᠠᠫᠣᠨ ᠵᠣᠯᠢᠭ ᠲᠠᠢ ᠶᠣᠰᠤ ᠶᠠᠷᠢᠵᠤ ᠵᠥᠪ ᠢᠶᠠᠨ ᠣᠯᠣᠭᠰᠠᠨ ᠪᠠᠶᠢᠨ᠎ᠠ᠃ | ᠠᠪᠠ ᠶᠢᠨ ᠠᠭᠤᠯᠠ ᠪᠠ ᠬᠡᠰᠢᠭᠲᠡᠨ ᠨᠣᠲᠤᠭ ᠢᠶᠠᠷ ᠪᠠᠶᠢᠭᠰᠠᠨ ᠬᠤᠯᠠᠭᠠᠢ ᠰᠢᠯᠣᠭᠤᠨ ᠬᠥᠬᠡ ᠶᠢᠨ ᠵᠡᠭᠦᠨ | ᠵᠠᠬ᠎ᠠ ᠶᠢ ᠨᠢ ᠰᠠᠮᠠᠭᠤᠷᠠᠭᠤᠯᠬᠤ ᠳᠤ ᠱᠠᠯᠤᠣ 10 ᠴᠡᠷᠢᠭ ᠠᠪᠴᠤ ᠵᠠᠬ᠎ᠠ ᠶᠢ ᠬᠠᠮᠠᠭᠠᠯᠠᠭᠤᠯᠵᠠᠢ᠃ ᠨᠣᠲᠤᠭ ᠠᠬ᠎ᠠ | ᠪᠠᠷ ᠡᠮ ᠲᠡᠭᠦᠬᠦ ᠪᠠ ᠲᠦᠯᠡᠭᠡ ᠬᠠᠳᠣᠬᠤ ᠠᠴᠠ ᠪᠠᠭ᠎ᠠ ᠰᠠᠭ᠎ᠠ ᠭᠠᠶᠢᠯᠢ ᠠᠪᠴᠤ 10 ᠴᠡᠷᠢᠭ ᠲᠡᠭᠡᠨ ᠥᠭᠳᠡᠭ | ᠪᠠᠶᠢᠵᠠᠢ᠃ 1942 ᠣᠨ ᠤ 5 ᠰᠠᠷ᠎ᠠ ᠶᠢᠨ 22 ᠤᠨ ᠬᠤᠰᠢᠭᠤ ᠣᠪᠣᠭᠠᠨ ᠤ ᠨᠠᠶᠢᠷ ᠳᠡᠭᠡᠷ᠎ᠡ ᠬᠤᠰᠢᠭᠤ ᠨᠣᠶᠠᠳ᠂ | ᠱᠠᠯᠣᠤ ᠳᠤ ᠶᠡᠭᠡ ᠬᠡᠮᠵᠢᠶᠡᠨ ᠤ ᠲᠣᠷᠭᠠᠭᠤᠯᠢ ᠳᠣᠭᠲᠠᠭᠠᠵᠤ᠂ ︽ᠭᠠᠷ ᠤᠨ ᠦᠰᠦᠭ ᠢᠶᠠᠨ ᠵᠢᠷᠦ︕︾ ᠭᠡᠵᠡᠢ᠃ | ᠱᠠᠯᠣᠤ᠄ ︽ᠡᠶᠢᠮᠦ ᠬᠡᠷᠡᠭ ᠪᠠᠶᠢᠨ᠎ᠠ᠂ ᠪᠢ ᠶᠠᠮᠠᠷ ᠲᠠᠨᠣᠰ ᠲᠠᠢ ᠠᠳᠠᠯᠢ ᠠᠷᠠᠳ ᠢᠷᠭᠡᠳ ᠢ ᠵᠠᠷᠣᠭᠠᠳ ᠠᠮᠢᠲᠠᠨ ᠢ | ᠮᠥᠯᠵᠢᠵᠦ ᠭᠠᠰᠠᠯᠭᠠᠵᠤ ᠴᠢᠳᠠᠬᠤ ᠦᠭᠡᠢ︾ ᠭᠡᠵᠡᠢ᠃ ︽ᠠᠯᠪᠠᠨ ᠰᠢᠷᠡᠭᠡ ᠠᠯᠠᠭᠠᠳᠠᠵᠤ ᠠᠮᠪᠠᠨ ᠨᠣᠶᠠᠨ ᠢ | ᠭᠤᠳᠣᠭᠠᠯᠠ︾ ᠭᠡᠳ᠂ ᠶᠠᠫᠣᠨ ᠭᠦ᠋ ᠸᠧᠩ ᠠᠴᠠ ᠡᠬᠢᠯᠡᠨ ᠠᠮᠪᠠᠰ ᠨᠣᠶᠠᠳ ᠠᠭᠤᠷᠯᠠᠵᠤ ᠱᠠᠯᠣᠤ ᠶᠢᠨ ᠵᠡᠷᠭᠡ | ᠳᠣᠰᠢᠶᠠᠯ ᠢ ᠨᠢ ᠮᠣᠯᠲᠣᠯᠵᠤ ᠭᠢᠨᠵᠢ ᠵᠡᠭᠦᠯᠭᠡᠭᠡᠳ ᠬᠤᠰᠢᠭᠤᠨ ᠤ ᠬᠠᠷ᠎ᠠ ᠭᠡᠷ ᠲᠤ ᠬᠤᠷᠢᠴᠢᠬᠠᠪᠠ᠃ ᠲᠡᠭᠡᠬᠦ ᠳᠤ | ᠱᠠᠯᠣᠤ ᠮᠥᠨ ᠪᠠᠭᠤᠵᠤ ᠥᠭᠭᠦᠭᠰᠡᠨ ᠦᠭᠡᠢ᠂ ᠲᠡᠭᠦᠨ ᠤ ᠬᠥᠪᠡᠭᠦᠨ ᠨᠠᠴᠤᠭ ᠨᠢ 60 ᠬᠤᠨᠢ ᠠᠯᠪᠠᠨ ᠳᠤ | ᠳᠣᠰᠢᠶᠠᠵᠤ ᠡᠴᠢᠭᠡ ᠪᠠᠨ ᠭᠠᠷᠭᠠᠨ ᠠᠪᠬᠤ ᠪᠠᠷ ᠪᠣᠯᠣᠭᠰᠠᠨ ᠢᠶᠠᠨ ᠡᠴᠢᠭᠡ ᠳᠡᠭᠡᠨ ᠬᠡᠯᠡᠬᠦ ᠳᠤ ᠲᠡᠷᠡ᠄ ︽ᠴᠢ | ᠨᠣᠶᠠᠳ ᠢ ᠪᠢᠯᠳᠠᠤᠴᠢᠯᠠᠵᠤ᠂ ᠮᠢᠨᠤ ᠬᠥᠷᠦᠩᠭᠡ ᠶᠢ ᠪᠠᠷᠠᠯ᠎ᠠ︾ ᠭᠡᠵᠦ ᠵᠠᠩᠨᠠᠨ ᠣᠭᠲᠤ ᠵᠥᠪᠰᠢᠶᠡᠷᠡᠭᠰᠡᠨ ᠦᠭᠡᠢ | ᠭᠡᠨ᠎ᠡ᠃ | ᠲᠡᠷᠡ ᠵᠢᠯ ᠤᠨ ᠪᠢᠯᠢᠭ ᠤᠨ ᠨᠠᠢᠮᠠᠨ ᠰᠠᠷ᠎ᠠ ᠳᠣᠸᠠᠩ ᠭᠡᠭᠡᠨ ᠰᠢᠯᠣᠭᠤᠨ ᠬᠥᠬᠡ ᠬᠤᠰᠢᠭᠤᠨ ᠳᠤ ᠢᠷᠡᠵᠦ | ᠣᠯᠠᠨ ᠥᠭᠯᠢᠭᠡ ᠶᠢᠨ ᠡᠵᠡᠨ ᠲᠠᠢ ᠠᠭᠤᠯᠵᠠᠭᠰᠠᠨ ᠤ ᠳᠠᠷᠠᠭ᠎ᠠ᠂ ᠬᠤᠰᠢᠭᠤ ᠶᠠᠮᠣᠨ ᠪᠠᠰᠠ ᠲᠡᠭᠦᠨ ᠢ ᠵᠠᠯᠠᠵᠠᠢ᠃ | ᠭᠠᠭᠴᠠ ᠱᠠᠯᠣᠤ ᠭᠦᠩᠲᠡ ᠲᠠᠢ ᠠᠭᠤᠯᠵᠠᠵᠤ ᠴᠢᠳᠠᠭᠠᠳᠣᠢ᠂ ᠲᠡᠷᠡ ᠬᠠᠮᠢᠭ᠎ᠠ ᠪᠠᠶᠢᠬᠤ ᠪᠣᠢ︖ ᠭᠡᠵᠦ | ᠠᠰᠠᠭᠤᠭᠰᠠᠨ ᠳᠤ᠄ ᠶᠠᠮᠣᠨ ᠤ ᠨᠣᠶᠠᠳ ᠪᠠᠶᠢᠨ᠎ᠠ ᠬᠡᠮᠡᠨ ᠰᠠᠨᠳᠣᠷᠴᠠᠭᠠᠪᠠ᠃ ᠪᠢ ᠨᠢᠭᠡ ᠠᠭᠤᠯᠵᠠᠶ᠎ᠠ ᠭᠡᠪᠡ᠃ | ᠲᠡᠭᠡᠭᠡᠳ ᠲᠡᠷᠡ ᠰᠥᠨᠢ ᠳᠡᠭᠡᠨ ᠱᠠᠯᠣᠤ ᠶᠢᠨ ᠭᠢᠨᠵᠢ ᠶᠢ ᠨᠢ ᠠᠪᠴᠤ ᠦᠰᠦ ᠶᠢ ᠨᠢ ᠵᠠᠰᠠᠭᠤᠯᠣᠭᠠᠳ ᠥᠷᠯᠦᠭᠡ | ᠠᠭᠤᠯᠵᠠᠭᠤᠯᠵᠠᠢ᠃ ᠭᠡᠭᠡᠨ ᠠᠴᠠ ᠱᠠᠯᠣᠤ ᠳᠤ ︽ᠬᠠᠪᠬ᠎ᠠ ᠬᠦᠳᠡᠨᠰᠣᠯᠠ ︵ᠬᠦᠷᠲᠡᠭᠦᠯᠡ︶︾ ᠭᠡᠳᠡᠭ ᠨᠣᠮ | ᠣᠩᠰᠢᠵᠤ ᠥᠭᠭᠦᠭᠡᠳ ᠬᠦᠵᠦᠭᠦᠨ ᠳᠤᠨᠢ ᠵᠠᠩᠭ᠎ᠠ ᠬᠠᠳᠠᠭ ᠵᠡᠭᠦᠯᠭᠡᠵᠦ ᠥᠭᠴᠡᠢ᠃ ᠲᠡᠷᠡ ᠦᠶ᠎ᠡ ᠳᠤ ᠵᠠᠩᠭ᠎ᠠ | ᠬᠠᠳᠠᠭ ᠵᠡᠭᠦᠯᠭᠡᠭᠰᠡᠨ ᠬᠦᠵᠦᠭᠦᠨ ᠳᠤ ᠭᠠᠪᠠ ᠭᠢᠨᠵᠢ ᠵᠡᠭᠦᠯᠭᠡᠵᠦ ᠪᠣᠯᠳᠠᠭ ᠦᠭᠡᠢ ᠪᠠᠶᠢᠵᠠᠢ᠃ | ᠱᠠᠯᠣᠤ ᠶᠢᠨ ᠪᠠᠭᠰᠢ ᠨᠢ ᠬᠡᠵᠢᠶᠡᠳᠡ ᠠᠷᠢᠬᠢ ᠳᠠᠷᠠᠰᠤ ᠣᠣᠭᠤᠪᠠᠯ ᠵᠠᠩ ᠮᠠᠭᠤ ᠲᠠᠢ᠂ ᠡᠶᠢᠮᠦ ᠪᠠᠶᠢᠳᠠᠯ ᠢ | ᠨᠢ ᠱᠠᠯᠣᠤ ᠦᠵᠡᠭᠡᠳ ᠱᠠᠯᠣᠤ ᠭᠦᠩᠲᠡ ᠠᠭᠤᠷᠯᠠᠬᠤ ᠳᠠᠭᠠᠨ ᠬᠦᠩᠲᠡ ᠴᠠᠭᠠᠨ ᠱᠢᠷᠦᠨ ᠵᠢᠩᠰᠡ ᠲᠠᠢ ᠮᠠᠯᠠᠭᠠᠢ ᠪᠠᠨ | ᠨᠣᠶᠠᠨ ᠤ ᠰᠠᠭᠤᠳᠠᠯ ᠳᠡᠭᠡᠷ᠎ᠡ ᠪᠠᠨ ᠲᠠᠯᠪᠢᠭᠠᠳ᠂ ᠱᠠᠪᠢ ᠴᠢᠨᠢ ᠴᠢᠮᠠᠢᠢ ᠭᠤᠶᠠᠳᠠᠵᠤ ᠪᠠᠶᠢᠭ᠎ᠠ ᠪᠢᠰᠢ᠂ ᠭᠦᠩᠳᠡ | ᠴᠢᠮᠠᠢᠢ ᠶᠠᠯᠠᠯᠠᠵᠤ ᠪᠠᠶᠢᠨ᠎ᠠ ᠭᠡᠵᠦ ᠬᠡᠯᠡᠭᠡᠳ᠂ ᠪᠠᠭᠰᠢ ᠶᠢᠨ ᠢᠶᠠᠨ ᠪᠥᠭᠰᠡ ᠶᠢ ᠭᠤᠶᠠᠳᠠᠭᠰᠠᠨ ᠪᠠᠶᠢᠨ᠎ᠠ᠃ ᠲᠠᠷᠠᠭ᠎ᠠ | ᠨᠢ ᠮᠠᠯᠠᠭᠠᠢ ᠪᠠᠨ ᠠᠪᠴᠤ ᠴᠢᠨᠠᠭᠰᠢ ᠨᠢ ᠲᠠᠯᠪᠢᠭᠰᠠᠨ ᠬᠤᠶᠢᠨ᠎ᠠ᠂ ᠪᠠᠭᠰᠢ ᠨᠢ ᠪᠢ ᠭᠦᠩᠲᠡ ᠶᠢ ᠴᠣᠬᠢᠵᠤ ᠪᠠᠶᠢᠬᠤ | ᠪᠢᠰᠢ᠂ ᠱᠠᠪᠢ ᠪᠠᠨ ᠵᠣᠳᠣᠵᠤ ᠪᠠᠶᠢᠨ᠎ᠠ ᠭᠡᠳ ᠱᠠᠯᠣᠤ ᠶᠢ ᠵᠣᠳᠣᠭᠰᠠᠨ ᠳᠤ ᠲᠡᠷᠡ ᠶᠠᠭᠤ ᠴᠦ ᠳᠣᠣᠭᠠᠷᠣᠭᠰᠠᠨ | ᠦᠭᠡᠢ ᠭᠡᠨ᠎ᠡ᠃ | 1945 ᠣᠨ 8 ᠰᠠᠷ᠎ᠠ ᠳᠤ᠂ ᠮᠠᠨ ᠤ ᠬᠤᠰᠢᠭᠤᠨ ᠤ ᠬᠤᠷᠴᠢᠨ ᠰᠣᠮᠤ᠂ ᠣᠳᠤ ᠶᠢᠨ ᠬᠠᠩᠬᠠᠯ | ᠰᠣᠮᠣᠨ ᠤ ᠬᠠᠷ᠎ᠠ ᠣᠰᠣᠨ ᠪᠣᠯᠠᠭ ᠬᠠᠪᠢ ᠪᠠᠷ ᠰᠠᠭᠤᠵᠤ ᠪᠠᠶᠢᠭᠰᠠᠨ ᠵᠥᠪᠯᠡᠯᠲᠦ ᠶᠢᠨ ᠣᠯᠠᠭᠠᠨ ᠴᠡᠷᠢᠭ ᠤᠨ | ᠣᠨᠴᠠᠭᠠᠢ ᠵᠠᠷᠢᠮ ᠴᠡᠷᠢᠭ ᠨᠢ ᠨᠢᠭᠡ ᠡᠳᠦᠷ᠂ ᠲᠣᠩᠳᠤᠭ ᠤᠨ ᠠᠪᠠᠭ᠎ᠠ ᠡᠬᠡ ᠶᠢ ᠭᠡᠷ ᠢᠶᠠᠨ ᠦᠵᠡᠬᠦ ᠪᠠᠷ ᠢᠷᠡᠬᠦ ᠳᠤ | ᠮᠣᠩᠭᠤᠯ ᠠᠷᠢᠬᠢᠨ ᠳᠤ ᠰᠣᠭᠲᠣᠭᠰᠠᠨ ᠬᠡᠳᠦᠨ ᠠᠮᠢᠲᠠᠨ ᠲᠣᠯᠣᠭᠠᠢ ᠳᠡᠭᠡᠷ᠎ᠡ ᠨᠢ ᠲᠣᠭᠤᠭ᠎ᠠ ᠬᠥᠮᠦᠷᠢᠵᠦ | ᠦᠬᠦᠭᠦᠯᠦᠭᠰᠡᠨ ᠶᠠᠪᠣᠳᠠᠯ ᠭᠠᠷᠴᠠᠢ᠃ ᠡᠭᠦᠨ ᠳᠤ ᠱᠠᠯᠣᠤ ᠦᠵᠡᠵᠦ ᠶᠠᠳᠠᠨ ᠴᠡᠷᠢᠭ ᠠᠩᠭᠢ ᠳᠤᠨᠢ ᠵᠠᠭᠠᠯᠳᠣᠨᠠ | ᠭᠡᠳ ᠬᠠᠷ᠎ᠠ ᠣᠰᠣᠨ ᠪᠣᠯᠠᠭ ᠬᠠᠪᠢ ᠳᠤ ᠪᠠᠶᠢᠭᠰᠠᠨ ᠴᠡᠷᠢᠭ ᠠᠩᠭᠢ ᠶᠢᠨ ᠬᠢᠨᠢ ᠵᠦᠭ ᠭᠦᠶᠦᠬᠦ ᠳᠤ᠂ ᠲᠡᠳᠡ ᠬᠡᠷᠡᠭ | ᠮᠠᠭᠤ ᠪᠣᠯᠬᠤ ᠶᠢ ᠮᠡᠳᠡᠭᠡᠳ ᠬᠤᠶᠢᠨ᠎ᠠ ᠠᠴᠠ ᠨᠢ ᠬᠦᠷᠴᠦ ᠲᠠᠷᠢᠶᠠᠨ ᠲᠠᠯ᠎ᠠ ᠶᠢᠨ ᠪᠠᠷᠠᠭᠤᠨ ᠰᠢᠷ᠎ᠠ ᠮᠠᠩᠬᠠᠨ ᠤ | ᠡᠩᠭᠡᠷ ᠲᠤ ᠫᠣᠣᠳᠠᠨ ᠠᠯᠠᠵᠠᠢ᠃ ᠢᠩᠭᠢᠭᠡᠳ ᠱᠠᠯᠣᠤ ᠭᠦᠩᠲᠡ ᠶᠢᠨ ᠠᠰ ᠲᠣᠯᠣᠨ ᠶᠣᠰᠤ ᠬᠡᠯᠡᠯᠴᠡᠵᠦ ᠶᠠᠪᠣᠭᠰᠠᠨ | ᠨᠢᠭᠡ ᠨᠠᠰᠤ ᠡᠴᠦᠰᠯᠡᠭᠰᠡᠨ ᠪᠠᠶᠢᠨ᠎ᠠ᠃ | ᠱᠠᠯᠣᠤ 2006 ᠣᠨ ᠳᠤ ︽ᠴᠠᠬᠠᠷ ᠰᠢᠯᠣᠭᠤᠨ ᠬᠥᠬᠡ ᠬᠤᠰᠢᠭᠤ︾ ᠬᠡᠮᠡᠬᠦ ᠨᠣᠮ ᠳᠤ | ᠲᠡᠮᠳᠡᠭᠯᠡᠭᠳᠡᠵᠡᠢ᠃ ︽ᠰᠢᠯᠣᠭᠤᠨ ᠬᠥᠭᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠣ | ᠰᠡᠶᠢᠷᠡᠭᠦᠯᠪᠡ᠃ | |