ᠨᠣᠷᠪᠤᠽᠠᠨ᠎ᠠ
ᠨᠡᠶᠢᠲᠡᠯᠡᠭᠰᠡᠨ ᠴᠠᠭ᠄
2020/1/7
       ᠨᠣᠷᠪᠣᠽᠠᠨ᠎ᠠ ︵1887~ 1963 ᠣᠨ︶ ᠬᠢᠲᠠᠳ ᠨᠡᠷ᠎ᠡ ᠨᠣ ᠵᠧᠨ ᠴᠢ ︵诺珍齐︶᠂ ᠰᠢᠪᠠᠭᠤᠴᠢᠨ ᠣᠪᠤᠭ ᠲᠠᠢ ᠪᠠᠲᠣᠮᠦ᠋ᠩᠬᠡ ᠶᠢᠨ ᠣᠣᠭᠠᠨ ᠬᠥᠪᠡᠭᠦᠨ ᠪᠣᠯᠵᠤ ᠲᠥᠷᠦᠵᠡᠢ᠃ᠲᠠᠶᠢᠹᠦᠰᠧ ᠪᠠᠷᠠᠭᠤᠨ ᠭᠠᠷ ᠮᠠᠯᠵᠢᠯ ᠤᠨ ᠲᠠᠯᠠᠪᠠᠢ ᠶᠢᠨ ᠭᠦᠯᠦ ᠰᠢᠷ᠎ᠠ ᠬᠤᠰᠢᠭᠤ ᠭᠠᠷᠣᠯ ᠲᠠᠢ᠂ ᠠᠭᠲᠠᠨ ᠰᠦᠷᠦᠭ  ᠤᠨ ᠬᠦᠮᠦᠨ᠃        1934 ᠣᠨ ᠠᠴᠠ ᠡᠮᠦᠨ᠎ᠡ ᠲᠠᠶᠢᠹᠦᠰᠧ ᠪᠠᠷᠠᠭᠤᠨ ᠭᠠᠷ ᠤᠨ ᠠᠭᠲᠠᠨ ᠰᠦᠷᠦᠭ ᠤᠨ ᠬᠤᠰᠠᠢ ᠳ᠋ᠠ᠂ ᠭᠠᠯᠠᠢ ᠳ᠋ᠠ ᠪᠠᠶᠢᠵᠠᠢ᠃        1934~ 1944 ᠣᠨ ᠬᠦᠷᠲᠡᠯ᠎ᠡ ᠲᠠᠶᠢᠹᠦᠰᠧ ᠪᠠᠷᠠᠭᠤᠨ ᠭᠠᠷ ᠰᠦᠷᠦᠭ ᠤᠨ ᠲᠠᠶᠢᠰᠠᠯᠠᠬᠤ ᠠᠮᠪᠠᠨ ᠪᠠᠶᠢᠵᠠᠢ᠃        1937~ 1944 ᠣᠨ ᠬᠦᠷᠲᠡᠯ᠎ᠡ ᠲᠠᠶᠢᠹᠣᠰᠧ ᠪᠠᠷᠠᠭᠤᠨ ᠭᠠᠷ ᠬᠤᠰᠢᠭᠤᠨ ᠤ ᠠᠮᠪᠠᠨ ᠰᠠᠭᠤᠵᠠᠢ᠃        ᠨᠣᠷᠪᠣᠽᠠᠨ᠎ᠠ ᠠᠵᠤ ᠠᠬᠤᠢ ᠶᠢ ᠶᠡᠬᠡᠪᠡᠷ ᠬᠥᠨᠲᠦᠳᠬᠡᠳᠡᠭ ᠬᠦᠮᠦᠨ ᠪᠣᠯᠬᠤᠷ ᠬᠤᠰᠢᠭᠤ ᠴᠡᠷᠢᠭ ᠪᠠᠶᠢᠭᠤᠯᠣᠨ ᠬᠤᠯᠠᠭᠠᠢ ᠳᠡᠭᠡᠷᠡᠮ ᠢ ᠴᠣᠬᠢᠵᠤ ᠣᠷᠣᠨ ᠨᠣᠲᠤᠭ ᠢᠶᠠᠨ ᠬᠠᠮᠠᠭᠠᠯᠠᠵᠤ᠂ ᠲᠠᠶᠢᠹᠣᠰᠧ ᠠᠳᠣᠭᠤ ᠪᠠᠨ ᠥᠰᠬᠡᠨ ᠦᠷᠡᠵᠢᠭᠦᠯᠦᠭᠡᠳ ᠡᠭᠦᠯᠳᠡᠷ ᠣᠭᠰᠠᠭ᠎ᠠ ᠶᠢ ᠰᠠᠶᠢᠵᠢᠷᠠᠭᠤᠯᠬᠤ ᠶᠢ ᠠᠩᠬᠠᠷᠣᠭᠰᠠᠨ ᠪᠥᠭᠡᠳ ᠮᠣᠩᠭᠤᠯ ᠮᠡᠷᠭᠡᠵᠢᠯᠲᠡᠨ ᠢ ᠬᠦᠮᠦᠵᠢᠭᠦᠯᠵᠦ᠂ ᠴᠠᠭᠠᠨ ᠢᠳᠡᠭᠡ᠂ ᠠᠷᠢᠬᠢ᠂ ᠪᠣᠣᠪᠤ ᠪᠣᠭᠤᠷᠰᠤᠭ᠂ ᠭᠤᠯᠢᠷ ᠤᠨ ᠦᠢᠯᠡᠳᠪᠦᠷᠢ ᠭᠠᠷᠭᠠᠵᠤ᠂ ᠬᠤᠷᠰᠢᠶ᠎ᠠ᠂ ᠶᠡᠭᠡ ᠮᠣᠩᠭᠤᠯ ᠤᠨ ᠠᠷᠠᠯᠵᠢᠶᠠᠨ ᠤ ᠰᠠᠯᠪᠣᠷᠢ ᠭᠦᠩᠰᠧ ᠡᠵᠡᠩᠨᠡᠵᠡᠢ᠃ ᠪᠠᠰᠠ ᠬᠤᠰᠢᠭᠤ ᠰᠣᠷᠭᠠᠭᠤᠯᠢ᠂ ᠮᠣᠩᠭᠤᠯ ᠡᠮᠨᠡᠯᠭᠡ ᠶᠢᠨ ᠬᠤᠷᠢᠶ᠎ᠠ ᠵᠡᠷᠭᠡ ᠪᠠᠶᠢᠭᠤᠯᠣᠮᠵᠢ ᠨᠢᠭᠡᠴᠡ ᠶᠢ ᠪᠠᠶᠢᠭᠤᠯᠣᠨ ᠦᠨᠳᠦᠰᠦᠲᠡᠨ ᠤ ᠰᠣᠶᠣᠯ ᠪᠣᠯᠪᠠᠰᠣᠷᠠᠯ᠂ ᠡᠮ ᠡᠮᠨᠡᠯᠭᠡ ᠶᠢᠨ ᠦᠢᠯᠡᠰ ᠢ ᠬᠥᠳᠦᠳᠬᠡᠵᠦ ᠢᠷᠡᠭᠰᠡᠨ ᠠᠴᠠ ᠠᠷᠠᠳ ᠣᠯᠠᠨ ᠳᠠᠭᠠᠨ ᠬᠦᠷᠢᠶᠡᠯᠡᠯ ᠲᠠᠢ ᠪᠠᠶᠢᠵᠤ ᠭᠡᠨ᠎ᠡ᠃        1944 ᠣᠨ ᠳᠤ ᠴᠠᠬᠠᠷ ᠴᠢᠭᠤᠯᠭᠠᠨ ᠤ ᠵᠠᠰᠠᠭ ᠤᠨ ᠣᠷᠳᠣᠨ ᠤ ᠠᠷᠠᠯᠵᠢᠶ᠎ᠠ ᠦᠢᠯᠡᠳᠪᠦᠷᠢᠯᠡᠯ ᠤᠨ ᠲᠢᠩᠬᠢᠮ ᠤᠨ ᠳᠠᠷᠤᠭ᠎ᠠ᠂ ᠮᠣᠩᠭᠤᠯ ᠬᠢᠵᠠᠭᠠᠷ ᠣᠷᠣᠨ ᠤ ᠥᠪᠡᠷᠲᠡᠭᠡᠨ ᠵᠡᠰᠠᠬᠤ ᠵᠠᠰᠠᠭ ᠤᠨ ᠣᠷᠳᠣᠨ ᠤ ᠠᠮᠢᠳᠣᠷᠠᠯ  ᠢ ᠳᠡᠭᠵᠢᠷᠡᠭᠦᠯᠬᠦ ᠬᠤᠷᠠᠯ ᠤᠨ ᠳᠡᠮᠨᠡᠨ ᠵᠥᠪᠯᠡᠭᠴᠢ ᠳᠠᠷᠤᠭ᠎ᠠ ᠶᠢᠨ ᠳᠣᠰᠢᠶᠠᠯ ᠲᠠᠢ ᠪᠠᠶᠢᠵᠠᠢ᠃        1946 ᠣᠨ ᠤ ᠦᠶᠡᠰ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠤᠯᠪᠣᠭᠠᠲᠤ ᠬᠤᠷᠠᠯ ᠤᠨ ᠴᠠᠬᠠᠷ ᠠᠶᠢᠮᠠᠭ ᠤᠨ ᠬᠤᠪᠢᠶᠠᠷᠢ ᠬᠤᠷᠠᠯ ᠤᠨ ᠵᠥᠪᠯᠡᠭᠴᠢ ᠶᠢᠨ ᠳᠣᠰᠢᠶᠠᠯ ᠲᠠᠢ ᠪᠠᠶᠢᠪᠠ᠃        1946 ᠣᠨ ᠤ 10 ᠰᠠᠷ᠎ᠠ ᠳᠤ ᠬᠥᠪᠡᠭᠦᠨ ᠳ᠋ᠠᠮᠪᠠ ᠪᠠᠨ ᠳᠠᠭᠠᠵᠤ ᠭᠤᠮᠢᠨᠳᠠᠩ ᠳᠤ ᠶᠠᠪᠣᠵᠤ᠂ ᠠᠭᠲᠠᠨ ᠠᠶᠢᠯ ᠠᠴᠠ ᠬᠤᠪᠢᠰᠬᠠᠯᠲᠤ ᠴᠡᠷᠢᠭ ᠤᠨ 16 ᠳ᠋ᠣᠭᠠᠷ ᠳ᠋ᠢᠸᠢᠽᠢ ᠶᠢᠨ ᠼᠠᠨᠮᠦ᠋ᠵᠠᠩ ᠭᠸᠡᠫᠢᠯ᠂ ᠬᠤᠰᠢᠭᠤ ᠳᠠᠷᠤᠭ᠎ᠠ ᠰᠣᠳᠨᠠᠮᠶᠦ᠋ᠩᠷᠣᠩ ᠬᠤᠶᠠᠷ ᠢ ᠪᠠᠷᠢᠪᠴᠢᠯᠠᠨ ᠬᠤᠰᠢᠭᠤ ᠴᠡᠷᠢᠭ ᠢ ᠬᠠᠪᠢᠷᠭ᠎ᠠ ᠳᠤ ᠠᠪᠠᠴᠢᠵᠠᠢ᠃        1947 ᠣᠨ ᠤ ᠬᠠᠪᠣᠷ ᠴᠢᠭᠤᠯᠣᠯᠲᠤ ᠬᠠᠭᠠᠯᠭ᠎ᠠ ᠳᠤ ᠬᠦᠷᠴᠦ᠂ ᠬᠤᠸᠠᠪᠸᠢ ᠣᠷᠣᠨ ᠤ ᠳᠡᠭᠡᠷᠡᠮ ᠢ ᠣᠰᠳᠬᠠᠬᠤ ᠶᠡᠷᠦᠩᠬᠡᠢ ᠰᠧᠯᠢᠩ ᠪᠠᠶᠢᠭᠰᠠᠨ ᠠᠴᠠ ᠴᠠᠬᠠᠷ ᠮᠣᠵᠢ ᠶᠢᠨ ᠴᠠᠬᠠᠷ ᠠᠶᠢᠮᠠᠭ ᠤᠨ ᠲᠠᠶᠢᠹᠣᠰᠧ ᠪᠠᠷᠠᠭᠤᠨ ᠭᠠᠷ ᠬᠤᠰᠢᠭᠤᠨ ᠤ ᠳᠠᠷᠤᠭ᠎ᠠ᠂ ᠮᠣᠩᠭᠤᠯ ᠤᠨ ᠬᠢᠵᠠᠭᠠᠷ ᠣᠷᠣᠨ ᠤ ᠰᠧᠯᠢᠩᠪᠦ᠋ ᠶᠢᠨ ᠬᠤᠰᠢᠭᠤ ᠭᠧᠨᠧᠷᠡᠯ ︵ᠱᠣᠣᠵᠢᠶᠠᠩ︶᠂ ᠭᠤᠮᠢᠨᠳᠠᠩ ᠨᠠᠮ ᠤᠨ ᠭᠡᠰᠢᠭᠦᠨ᠂ ᠳᠡᠳ᠋ ᠰᠧᠯᠢᠩ ᠪᠣᠯᠵᠠᠢ᠃ ᠲᠡᠭᠦᠨ ᠤ ᠬᠥᠪᠡᠭᠦᠨ ᠳ᠋ᠠᠮᠪᠠ ᠶᠢ ᠴᠠᠬᠠᠷ ᠠᠶᠢᠮᠠᠭ ᠤᠨ ᠠᠮᠣᠷ ᠢ ᠬᠠᠮᠠᠭᠠᠯᠠᠬᠤ ᠰᠧᠯᠢᠩᠪᠦ᠋ ᠶᠢᠨ ᠳᠡᠳ᠋ ᠬᠤᠷᠠᠩᠲᠠ᠂ ᠼᠠᠨᠮᠤ ᠶᠢᠨ ᠭᠠᠵᠠᠷ ᠤᠨ ᠳᠠᠷᠤᠭ᠎ᠠ  ᠪᠠᠷ ᠲᠣᠮᠢᠯᠠᠵᠤ ᠪᠠᠰᠠ ᠴᠠᠬᠠᠷ ᠠᠶᠢᠮᠠᠭ ᠤᠨ ᠬᠤᠪᠢᠰᠬᠠᠯᠲᠤ ᠵᠠᠰᠠᠭ ᠤᠨ ᠣᠷᠳᠣᠨ ᠤ ᠳᠡᠳ᠋ ᠠᠶᠢᠮᠠᠭ ᠤᠨ ᠳᠠᠷᠤᠭ᠎ᠠ  ᠪᠠᠷ ᠰᠣᠩᠭᠤᠭᠳᠠᠭᠰᠠᠨ ᠪᠢᠴᠢᠭ ᠤᠨ ᠬᠦᠮᠦᠨ ᠰᠧᠪᠡᠭᠵᠠᠪ ᠠᠴᠠ ᠡᠬᠢᠯᠡᠨ ᠵᠠᠯᠠᠭᠤᠰ ᠷᠠᠰᠢᠨᠠᠮᠵᠢᠯ ︵ᠰᠠᠭᠠᠢ︶᠂ ᠴᠣᠭᠳᠣᠷᠵᠢ ᠁ ᠵᠢᠴᠢ ᠬᠤᠰᠢᠭᠤ ᠨᠣᠲᠤᠭ ᠢᠶᠠᠨ ᠬᠠᠮᠠᠭᠠᠯᠠᠵᠤ ᠳᠡᠭᠡᠷᠡᠮ ᠬᠤᠯᠠᠭᠠᠶᠢᠴᠣᠳ ᠤᠨ ᠳᠠᠷᠣᠯᠭ᠎ᠠ ᠪᠠᠶᠢᠭᠰᠠᠨ ᠰᠠᠶᠢᠨ ᠡᠷᠡᠴᠣᠣᠯ ᠨᠠᠸᠠᠨᠪᠠᠯᠵᠣᠣᠷ ︵ᠨᠠ ᠨᠠ︶᠂ ᠴᠣᠭᠰᠣᠩᠵᠣᠩᠯᠣᠪ ︵王吉元︶᠂ ᠠᠳᠢᠶ᠎ᠠ ᠵᠡᠷᠭᠡ ᠨᠡᠯᠢᠶᠡᠳ ᠬᠦᠮᠦᠰ ᠢ ᠭᠤᠮᠢᠨᠳᠠᠩ ᠤᠨ ᠴᠡᠷᠢᠭ ᠲᠤ ᠳᠠᠲᠠᠨ ᠣᠷᠣᠭᠤᠯᠵᠠᠢ᠃        1949 ᠣᠨ᠎ᠠ ᠲᠡᠷᠢᠭᠦᠨ ᠨᠣᠶᠠᠨ ᠳᠡᠮᠴᠣᠭ᠍ᠳᠣᠩᠷᠣᠪ ᠠᠯᠠᠱᠠ ᠬᠤᠰᠢᠭᠤᠨ᠎ᠠ ︽ᠮᠣᠩᠭᠤᠯ ᠤᠨ ᠥᠪᠡᠷᠲᠡᠭᠡᠨ ᠵᠠᠰᠠᠬᠤ ᠣᠷᠣᠨ︾ ᠪᠠᠶᠢᠭᠤᠯᠵᠤ ᠪᠠᠶᠢᠨ᠎ᠠ ᠭᠡᠳᠡᠭ ᠢ ᠰᠣᠨᠣᠰᠣᠭᠠᠳ ᠳ᠋ᠢᠩ ᠶᠣᠸᠠᠨ ᠢᠩ ︵定远营︶ ᠳᠤ ᠬᠦᠷᠴᠦ ᠳᠡᠮᠴᠣᠭ᠍ᠳᠣᠩᠷᠣᠪ᠂ ᠯᠢ ᠱᠸᠤ ᠰᠢᠨ ᠤᠨ ᠴᠡᠷᠢᠭ ᠲᠠᠢ ᠨᠡᠶᠢᠯᠡᠪᠡ᠃        1949 ᠣᠨ ᠤ 12 ᠰᠠᠷ᠎ᠠ ᠳᠤ ᠳᠡᠮᠴᠣᠭ᠍ᠳᠣᠩᠷᠣᠪ ᠠᠯᠠᠱᠠ ᠬᠤᠰᠢᠭᠤᠨ ᠤ ᠬᠠᠷ᠎ᠠ ᠣᠷᠪᠣᠭ ᠪᠡᠯᠴᠢᠭᠡᠷ  ᠢᠶᠠᠷ ᠮᠣᠩᠭᠤᠯ ᠣᠯᠣᠰ ᠲᠤ ᠣᠷᠣᠵᠤ ᠪᠠᠷᠢᠪᠴᠢᠯᠠᠭᠳᠠᠵᠠᠢ᠃        1950 ᠣᠨ ᠤ 4 ᠳ᠋ᠣᠭᠡᠷ ᠰᠠᠷ᠎ᠠ ᠶᠢᠨ 2 ᠤᠨ ᠡᠳᠦᠷ ᠨᠣᠷᠪᠤᠽᠠᠨ᠎ᠠ ᠠᠯᠠᠱᠠ ᠵᠡᠭᠦᠨ ᠬᠤᠰᠢᠭᠤᠨ ᠤ ᠭᠤᠷᠣᠬᠠᠢ ᠨᠠᠭᠤᠷ ᠬᠡᠮᠡᠬᠦ ᠭᠠᠵᠠᠷ ᠴᠡᠷᠢᠭ ᠲᠠᠢ ᠪᠠᠨ ᠵᠢᠷᠣᠮᠲᠤ ᠪᠣᠰᠣᠯᠭ᠎ᠠ ᠭᠠᠷᠭᠠᠨ᠂ ᠳᠣᠮᠳᠠᠳᠤ ᠣᠯᠣᠰ ᠤᠨ ᠠᠷᠠᠳ  ᠤᠨ ᠴᠢᠯᠦᠭᠡᠯᠡᠬᠦ ᠴᠡᠷᠢᠭ ᠤᠨ ︽ᠪᠡᠭᠡᠵᠢᠩ ᠴᠡᠷᠢᠭ ᠤᠨ ᠲᠣᠭᠤᠷᠢᠭ︾ ᠲᠤ ᠪᠠᠭᠤᠵᠤ ᠥᠭᠭᠦᠭᠡᠳ ︽ᠲᠣᠰ ᠣᠷᠣᠨ᠎ᠠ ᠠᠷᠠᠳ ᠪᠣᠯᠣᠭᠰᠠᠳ ᠢ ᠳᠣᠬᠢᠷᠠᠭᠤᠯᠣᠨ ᠥᠭᠭᠦᠮᠦᠢ︾ ᠭᠡᠰᠡᠨ ᠬᠤᠶᠠᠳᠣᠭᠠᠷ ᠵᠣᠷᠪᠣᠰ ᠲᠥᠷᠦ ᠶᠢᠨ ᠪᠣᠳᠣᠯᠭ᠎ᠠ ᠶᠢ ᠰᠣᠨᠣᠰᠴᠤ ᠠᠯᠠᠱᠠ ᠵᠡᠭᠦᠨ ᠬᠤᠰᠢᠭᠤᠨ ᠤ ᠡᠷᠬᠡ ᠬᠠᠰᠢᠶ᠎ᠠ ᠰᠣᠮᠣᠨ ᠤ ᠪᠠᠶᠠᠨᠨᠠᠭᠤᠷ ᠪᠠᠭ ᠲᠤ ᠡᠷᠦᠬᠡ ᠭᠡᠷ ᠢᠶᠠᠷ  ᠢᠶᠠᠨ ᠰᠠᠭᠤᠵᠤ ᠪᠠᠶᠢᠭᠠᠳ 1963 ᠣᠨ ᠤ 4 ᠰᠠᠷ᠎ᠠ ᠶᠢᠨ 6 ᠤ ᠡᠳᠦᠷ 70 ᠨᠠᠰᠣᠲᠠᠢ ᠪᠡᠶ᠎ᠡ ᠨᠥᠭᠴᠢᠪᠡ᠃        ᠨᠣᠷᠪᠣᠽᠠᠨ᠎ᠠ 2004 ᠣᠨ ᠳᠤ ︽ᠲᠠᠶᠢᠹᠣᠰᠧ ᠪᠠᠷᠠᠭᠤᠨ ᠭᠠᠷ ᠰᠦᠷᠦᠭ ︵ᠬᠤᠰᠢᠭᠤ︶︾᠂ ︽ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ︾ ᠵᠡᠷᠭᠡ ᠨᠣᠮ ᠳᠤ ᠲᠡᠮᠳᠡᠭᠯᠡᠭᠳᠡᠵᠡᠢ᠃  ︽ᠰᠢᠯᠣᠭᠤᠨ ᠬᠥᠭᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠣ ᠰᠡᠶᠢᠷᠡᠭᠦᠯᠪᠡ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号