| ᠶᠤᠨᠳᠤᠨ ︵1896 —1969 ᠤᠨ︶᠂ 1896 ᠤᠨ ᠳᠤ ᠤᠤᠯ ᠤᠨ ᠴᠠᠬᠠᠷ ᠲᠤᠰᠬᠠᠢ ᠤᠷᠤᠨ ᠤ | ᠬᠦᠯᠦ ᠰᠢᠷ᠎ᠠ ᠦᠬᠡᠷᠴᠢᠨ ᠰᠦᠷᠦᠭ ᠤᠨ ᠪᠤᠯᠠᠭᠠᠨ ᠲᠤᠬᠤᠢ ᠰᠤᠮᠤᠨ ᠤ ᠨᠤᠳᠤᠭ ᠲᠤ ᠲᠦᠷᠦᠵᠠᠢ᠃ | ᠶᠤᠨᠳᠤᠨ ᠲᠠᠪᠢᠭᠠᠳ ᠤᠨ ᠤ ᠡᠬᠢᠨ ᠢᠶᠠᠷ ᠴᠠᠭᠠᠨ ᠮᠠᠩᠬ᠎ᠠ ᠳᠤ ᠬᠦᠢᠯᠡᠰᠦ ᠲᠤᠷᠰᠢᠨ ᠲᠡᠷᠢᠵᠦ ᠠᠮᠵᠢᠯᠳᠠ | ᠤᠯᠤᠭᠰᠠᠨ ᠰᠠᠭᠤᠷᠢ ᠲᠡᠭᠡᠷ᠎ᠡ ᠵᠠᠯᠭᠠᠭᠠᠳ ᠲᠡᠷᠢᠬᠤ ᠲᠠᠯᠠᠪᠠᠢ ᠪᠠᠨ ᠦᠷᠬᠡᠳᠬᠡᠵᠦ ᠰᠢᠷ᠎ᠠ᠂ ᠬᠦᠷᠡᠩ ᠪᠤᠷᠭᠠᠰᠤ᠂ | ᠤᠳᠠ ᠤᠯᠢᠶᠠᠰᠤ᠂ ᠬᠠᠶᠢᠯᠠᠰᠤ ᠵᠠᠶᠢᠯᠠᠪᠠ᠃ ᠦᠷᠯᠦᠬᠡ ᠦᠳᠡᠰᠢ ᠶᠢ ᠲᠡᠮᠡᠴᠡᠨ ᠰᠢᠷᠭᠠᠭᠤ ᠬᠦᠳᠡᠯᠮᠦᠷᠢᠯᠡᠭᠰᠡᠨ ᠢᠶᠠᠷ | ᠲᠦᠷᠪᠡᠨ ᠮᠢᠩᠭ᠎ᠠ ᠭᠠᠷᠤᠢ ᠮᠤᠳᠤ ᠰᠠᠭᠤᠯᠭᠠᠭᠰᠠᠨ ᠨᠢᠯᠬ᠎ᠠ ᠮᠤᠳᠤᠨ ᠤ ᠬᠦᠷᠢᠶᠡᠯᠡᠩ ᠨᠢ ᠪᠦᠬᠦᠨ ᠢᠶᠠᠷ ᠢᠶᠠᠨ ᠠᠮᠢᠯᠠᠨ | ᠡᠳᠡᠬᠡᠷᠡᠵᠦ ᠴᠠᠭᠠᠨ ᠮᠠᠩᠬᠠᠨ ᠤ ᠨᠤᠭᠤᠭᠠᠨ ᠬᠦᠷᠮ᠎ᠡ ᠪᠤᠯᠪᠠ᠃ 1955 ᠤᠨ ᠳᠤ ᠶᠤᠨᠳᠤᠨ ᠤ ᠬᠦᠳᠡᠯᠮᠦᠷᠢ ᠨᠢ | ᠠᠷᠠᠳ ᠲᠦᠮᠡᠨ ᠤ ᠦᠨᠳᠦᠷ ᠦᠨᠠᠯᠠᠯᠳᠠ ᠶᠢ ᠤᠯᠵᠦ᠂ ᠤᠶᠢᠵᠢᠭᠤᠯᠤᠭᠰᠠᠨ ᠵᠢᠱᠢᠶᠡᠴᠢ ᠪᠠᠷ ᠰᠤᠩᠭᠤᠭᠳᠠᠨ ᠮᠢᠩᠭᠠᠨ | ᠲᠡᠶᠢᠫᠦᠰᠧ ᠬᠤᠯᠪᠤᠭᠠᠳᠤ ᠬᠤᠰᠢᠭᠤᠨ ᠤ ᠵᠠᠰᠠᠭ ᠤᠨ ᠤᠷᠳᠤᠨ ᠤ ᠱᠠᠩᠨᠠᠯ ᠢ ᠬᠦᠷᠳᠡᠵᠡᠢ᠃ 1961 ᠤᠨ ᠪᠤᠯᠬᠤ | ᠳᠤ ᠶᠤᠨᠳᠤᠨ ᠤ ᠬᠤᠶᠠᠷ ᠮᠤ᠋ ᠶᠢᠨ ᠨᠢᠯᠬ᠎ᠠ ᠮᠤᠳᠤᠨ ᠤ ᠬᠦᠷᠢᠶᠡᠯᠡᠩ ᠨᠢ ᠬᠡᠴᠢᠨᠡᠬᠡᠨ ᠲᠡᠬᠢᠨ ᠦᠷᠬᠡᠵᠢᠵᠦ ᠶᠤᠨᠳᠤᠨ | ᠰᠢᠯᠤᠭᠤᠨ ᠬᠦᠬᠡ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠦᠨᠠᠮᠯᠠᠯ ᠬᠦᠬᠢᠬᠦᠯᠦᠯ ᠢ ᠦᠷᠬᠦᠯᠵᠢᠯᠡᠨ | ᠤᠯᠤᠭᠰᠠᠨ ᠪᠠᠶᠢᠪᠠ᠃ 1964 ᠤᠨ ᠤ 12 ᠰᠠᠷ᠎ᠠ ᠳᠤ ᠰᠢᠯᠤᠭᠤᠨ ᠬᠦᠬᠡ ᠬᠤᠰᠢᠭᠤᠨ ᠤ ᠠᠷᠠᠳ ᠤᠨ ᠵᠠᠰᠠᠭ | ᠤᠨ ᠤᠷᠳᠤᠨ ᠤ ︽ᠠᠳᠠᠯᠢᠳᠬᠠᠬᠤ᠂ ᠰᠤᠷᠬᠤ᠂ ᠬᠦᠢᠴᠡᠳᠬᠦ᠂ ᠬᠠᠪᠰᠤᠷᠬᠤ︾ ᠤᠳᠤᠨ ᠱᠠᠩᠨᠠᠯ ᠢ ᠬᠦᠷᠳᠡᠵᠦ᠂ | 1966 ᠤᠨ ᠤ 3 ᠰᠠᠷ᠎ᠠ ᠳᠤ ᠬᠦᠬᠡᠬᠤᠳᠠ ᠳᠤ ᠪᠤᠯᠤᠭᠰᠠᠨ ᠦᠪᠡᠷᠳᠡᠬᠡᠨ ᠵᠠᠰᠠᠬᠤ ᠤᠷᠤᠨ ᠤ ᠨᠡᠶᠢᠬᠡᠮ ᠵᠢᠷᠤᠮᠳᠤ | ᠪᠦᠳᠦᠬᠡᠨ ᠪᠠᠶᠢᠭᠤᠯᠤᠯᠳᠠ ᠶᠢᠨ ᠲᠡᠷᠢᠬᠦᠨ ᠤ ᠨᠢᠬᠡᠴᠡ ᠪᠠ ᠲᠡᠷᠢᠬᠦᠨ ᠤ ᠦᠢᠯᠡᠳᠪᠤᠷᠢᠯᠡᠭᠴᠢ ᠶᠢᠨ ᠲᠦᠯᠦᠬᠡᠯᠡᠭᠴᠢᠳ | ᠤᠨ ᠬᠤᠷᠠᠯ ᠳᠤ ᠢᠷᠠᠭᠤ ᠠᠯᠳᠠᠷᠳᠠᠢ ᠪᠠᠷ ᠤᠷᠤᠯᠴᠠᠵᠦ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠤ | ᠱᠠᠩᠨᠠᠯ ᠢ ᠬᠦᠷᠳᠡᠵᠡᠢ᠃ 1969 ᠤᠨ ᠳᠤ ᠵᠢᠱᠢᠶᠡᠴᠢ ᠤᠶᠢᠵᠢᠭᠤᠯᠤᠭᠴᠢ ᠶᠤᠨᠳᠤᠨ 73 ᠨᠠᠰᠤ ᠲᠠᠢ ᠨᠠᠰᠤ | ᠪᠠᠷᠠᠪᠠ᠃ | ᠶᠤᠨᠳᠤᠨ 2004 ᠤᠨ ᠳᠤ ︽ᠰᠢᠯᠤᠭᠤᠨ ᠬᠦᠬᠡ ᠬᠤᠰᠢᠭᠤᠨ ᠤ ᠤᠶᠢᠯᠠᠯᠭ᠎ᠠ ︵ᠲᠤᠤᠷᠡᠳᠦ︶︾ ᠭᠡᠮᠡᠬᠦ | ᠨᠤᠮ ᠳᠤ ᠲᠡᠮᠳᠡᠭᠯᠡᠭᠳᠡᠵᠡᠢ᠃ | —— ︽ᠰᠢᠯᠤᠭᠤᠨ ᠬᠦᠬᠡ ᠬᠤᠰᠢᠭᠤᠨ ᠤ ᠴᠤᠤᠳᠤ ᠬᠦᠮᠦᠰ︾ ᠬᠡᠬᠦ ᠨᠤᠮ ᠠᠴᠠ ᠮᠦᠳᠡᠭ ᠰᠠᠶᠢᠷᠠᠬᠦᠯᠪᠠ᠃ | | |