| ᠨᠢᠮᠬᠤᠳᠰᠠᠷ ︵1894 —1935︶᠂ ᠡᠷᠬᠦᠭᠰᠡᠨ ᠨᠡᠷ᠎ᠡ ᠨᠢ ᠭᠤᠸᠠᠨ ᠵᠤ᠋᠂ 1894 ᠤᠨ ᠳᠤ ᠴᠠᠬᠠᠷ | ᠵᠡᠬᠦᠨ ᠭᠠᠷ ᠤᠨ ᠦᠬᠡᠷ ᠬᠤᠨᠢᠨ ᠰᠦᠷᠦᠭ ᠤᠨ ᠬᠦᠪᠡᠬᠡᠳᠦ ᠰᠢᠷ᠎ᠠ ᠦᠬᠡᠷᠴᠢᠨ ᠰᠦᠷᠦᠭ ᠤᠨ ᠨᠤᠳᠤᠭ ᠲᠤ ᠢᠳᠡᠮ | ᠠᠪᠤᠷᠠᠭᠴᠢ ᠶᠢᠨ ᠶᠡᠭᠡ ᠬᠦᠪᠡᠬᠦᠨ ᠪᠤᠯᠤᠨ ᠵᠠᠶᠠᠭᠠᠵᠠᠢ᠃ | ᠨᠢᠮᠬᠤᠳᠰᠠᠷ ᠮᠤᠩᠭᠤᠯ᠂ ᠬᠢᠳᠡᠳ᠂ ᠮᠠᠨᠵᠦ ᠬᠡᠯᠡ ᠰᠠᠶᠢᠨ ᠮᠡᠳᠡᠳᠡᠭ ᠪᠤᠯᠬᠤᠷ ᠬᠦᠪᠡᠬᠡᠳᠦ ᠰᠢᠷ᠎ᠠ ᠦᠬᠡᠷᠴᠢᠨ | ᠬᠤᠰᠢᠭᠤᠨ ᠳᠠᠭᠠᠨ ᠪᠢᠴᠢᠬᠡᠴᠢ᠂ ᠴᠢᠭᠤᠯᠤᠯᠳᠤ ᠬᠠᠭᠠᠯᠭ᠎ᠠ ᠶᠢᠨ ᠴᠠᠬᠠᠷ ᠳ᠋ᠠᠲ᠋ᠦ᠋ᠩ ᠶᠠᠮᠤᠨ ᠳᠤ ᠤᠷᠴᠢᠭᠤᠯᠤᠭᠴᠢ | ᠶᠢᠨ ᠠᠯᠪᠠ ᠶᠢ ᠤᠯᠠᠨ ᠵᠢᠯ ᠬᠢᠵᠦ᠂ ᠬᠤᠷᠢᠭᠠᠳ ᠨᠠᠰᠤᠨ ᠳᠤ ᠪᠠᠨ ᠠᠷᠠᠬᠤ ᠬᠤᠰᠠᠢ ︵ᠲᠡᠳ᠋ ᠬᠤᠰᠢᠭᠤᠨ ᠲᠠᠷᠤᠭ᠎ᠠ | ︶᠂ ᠬᠤᠰᠠᠢ ᠪᠤᠯᠵᠠᠢ᠃ | 1920 ᠤᠨ ᠳᠤ ᠨᠠᠨᠵᠢᠩ ᠤᠨ ᠭᠤᠮᠢᠨᠳᠠᠩ ᠤᠨ ᠵᠠᠰᠠᠭ ᠤᠨ ᠤᠷᠳᠤᠨ ᠠᠴᠠ ᠴᠠᠬᠠᠷ ᠮᠤᠵᠢ ᠶᠢ | ᠪᠠᠶᠢᠭᠤᠯᠵᠦ᠂ ᠨᠢᠮᠬᠤᠳᠰᠠᠷ ᠢ ᠤᠯᠤᠰ ᠤᠨ ᠰᠠᠩ ᠤᠨ ᠮᠢᠩᠭᠠᠨ ᠮᠠᠯᠵᠢᠯ ᠤᠨ ᠲᠠᠯᠠᠪᠠᠢ ᠶᠢᠨ ᠲᠠᠷᠤᠭ᠎ᠠ ᠪᠠᠷ | ᠲᠤᠮᠢᠯᠠᠵᠦ᠂ ᠦᠬᠡᠷ ᠬᠤᠨᠢᠨ ᠰᠦᠷᠦᠭ ᠤᠨ ᠪᠦᠬᠦᠳᠡ ᠶᠢᠨ ᠲᠠᠷᠤᠭ᠎ᠠ ᠵᠤᠳᠪᠠᠵᠠᠪ ᠢ ᠲᠡᠪᠰᠢᠬᠦᠯᠬᠦ ᠳᠤ ᠨᠢᠮᠬᠤᠳᠰᠠᠷ | ᠲᠤᠰᠢᠶᠠᠯ ᠢ ᠨᠢ ᠤᠷᠤᠯᠠᠭᠰᠠᠨ ᠶᠤᠮ᠃ ᠲᠠᠷᠠᠭ᠎ᠠ ᠨᠢ ᠰᠦᠷᠦᠭ ᠵᠢᠷᠭᠤᠭᠠᠨ ᠬᠤᠰᠢᠭᠤᠨ ᠤ ᠨᠠᠶᠢᠳᠠ ᠶᠢᠨ ᠲᠠᠷᠤᠭ᠎ᠠ | ︵ᠠᠮᠪᠠᠨ︶ ᠪᠠᠷ ᠲᠤᠮᠢᠯᠠᠵᠠᠢ᠃ | 1931 ᠤᠨ ᠤ 5 ᠰᠠᠷ᠎ᠠ ᠳᠤ ᠨᠢᠮᠬᠤᠳᠰᠠᠷ ᠢᠷᠬᠡᠨ ᠤ ᠬᠤᠷᠠᠯ ᠤᠨ ᠲᠦᠯᠦᠬᠡᠯᠡᠭᠴᠢ ᠪᠠᠷ ᠰᠤᠩᠭᠤᠭᠳᠠᠨ | ᠨᠠᠨᠵᠢᠩ ᠳᠠᠬᠢ ᠭᠤᠮᠢᠨᠳᠠᠩ ᠤᠨ ᠢᠷᠬᠡᠨ ᠤ ᠬᠤᠷᠠᠯ ᠤᠨ ᠬᠤᠷᠠᠯᠳᠤᠭᠠᠨ ᠳᠤ ᠰᠤᠯᠠ ᠲᠦᠯᠦᠬᠡᠯᠡᠭᠴᠢ ᠪᠠᠷ | ᠤᠷᠤᠯᠴᠠᠵᠦ᠂ ᠭᠤᠮᠢᠨᠳᠠᠩ ᠤᠨ ᠨᠠᠮ ᠤᠨ ᠲᠦᠪ ᠬᠤᠷᠢᠶᠠᠨ ᠤ ᠬᠡᠰᠢᠬᠦᠨ ᠢᠶᠠᠷ ᠰᠤᠩᠭᠤᠭᠳᠠᠪᠠ᠃ | 1933 ᠤᠨ ᠤ 9 ᠰᠠᠷ᠎ᠠ ᠳᠤ ᠪᠠᠳᠤᠬᠠᠭᠠᠯᠭ᠎ᠠ ᠳᠤ ︽ᠮᠤᠩᠭᠤᠯ ᠤᠨ ᠦᠪᠡᠷᠳᠡᠬᠡᠨ ᠵᠠᠰᠠᠬᠤ ᠬᠤᠷᠠᠯᠳᠤᠭᠠᠨ | ︾ ᠤ ᠲᠠᠷᠠᠭ᠎ᠠ ︽ᠴᠢᠭᠤᠯᠭᠠᠨ ᠬᠤᠰᠢᠭᠤᠨ ᠤ ᠨᠠᠨᠵᠢᠩ ᠳᠤ ᠤᠴᠢᠨ ᠦᠪᠡᠷᠳᠡᠬᠡᠨ ᠵᠠᠰᠠᠬᠤ ᠶᠢ ᠭᠤᠶᠤᠴᠢᠯᠠᠬᠤ | ᠲᠦᠯᠦᠬᠡᠯᠡᠭᠴᠢᠳ ᠤᠨ ᠪᠦᠯᠬᠦᠮ︾ ᠳᠤ ᠴᠠᠬᠠᠷ ᠠᠷᠪᠠᠨ ᠬᠤᠶᠠᠷ ᠬᠤᠰᠢᠭᠤ ᠰᠦᠷᠦᠭ ᠤᠨ ᠡᠷᠬᠡᠳᠦ ᠲᠦᠯᠦᠬᠡᠯᠡᠭᠴᠢ | ᠶᠢᠨ ᠬᠤᠪᠢ ᠪᠠᠷ ᠤᠷᠤᠯᠴᠠᠪᠠ᠃ ᠡᠨᠡ ᠤᠳᠠᠭ᠎ᠠ ᠳᠤ ᠨᠠᠨᠵᠢᠩ ᠤᠨ ᠵᠠᠰᠠᠭ ᠤᠨ ᠤᠷᠳᠤᠨ ᠠᠴᠠ ᠲᠡᠬᠦᠨ ᠢ ᠮᠤᠩᠭᠤᠯ | ᠵᠠᠰᠠᠭ ᠤᠨ ᠬᠡᠰᠢᠬᠦᠨ ᠢᠶᠠᠷ ᠲᠤᠮᠢᠯᠠᠭᠰᠠᠨ ᠪᠦᠬᠡᠳ 1934 ᠤᠨ ᠤ 4 ᠰᠠᠷ᠎ᠠ ᠳᠤ ᠪᠠᠳᠤᠬᠠᠭᠠᠯᠭ᠎ᠠ ᠳᠤ ᠪᠤᠯᠤᠭᠰᠠᠨ | ᠮᠤᠩᠭᠤᠯ ᠵᠠᠰᠠᠭ ᠤᠨ ᠬᠤᠷᠠᠯ ᠪᠠᠶᠢᠭᠤᠯᠤᠭᠳᠠᠭᠰᠠᠨ ᠶᠤᠰᠤᠯᠠᠯ ᠤᠨ ᠬᠤᠷᠠᠯ ᠪᠠ ᠮᠤᠩᠭᠤᠯ ᠵᠠᠰᠠᠭ ᠤᠨ ᠬᠤᠷᠠᠯ ᠤᠨ | ᠠᠩᠬᠠᠳᠤᠭᠠᠷ ᠤᠳᠠᠭᠠᠨ ᠤ ᠪᠦᠬᠦ ᠬᠡᠰᠢᠬᠦᠳ ᠤᠨ ᠬᠤᠷᠠᠯ ᠳᠤ ᠤᠷᠤᠯᠴᠠᠵᠠᠢ᠃ | ᠨᠢᠮᠬᠤᠳᠰᠠᠷ ᠤᠨ ᠶᠠᠫᠦᠨ ᠡᠵᠡᠷᠭᠡᠭᠴᠢᠳ ᠤᠨ ᠴᠠᠬᠠᠷ ᠤᠷᠤᠨ ᠢ ᠡᠷᠬᠡᠰᠢᠶᠡᠯ ᠳᠡᠭᠡᠨ ᠤᠷᠤᠭᠤᠯᠬᠤ | ᠬᠤᠤᠪᠢᠯᠳᠤᠯᠭ᠎ᠠ ᠶᠢ ᠡᠰᠡᠷᠬᠦᠴᠡᠭᠰᠡᠨ ᠦᠬᠡ ᠶᠡᠷᠢᠶ᠎ᠠ ᠦᠢᠯᠡ ᠠᠵᠢᠯᠯᠠᠭ᠎ᠠ ᠤᠯᠠᠨ ᠬᠤᠰᠢᠭᠤᠨ ᠤ ᠠᠮᠤᠷ ᠢ | ᠬᠠᠮᠠᠭᠠᠯᠠᠬᠤ ᠴᠡᠷᠢᠭ ᠢ ᠴᠢᠩᠭᠠᠳᠬᠠᠨ ᠤᠷᠤᠨ ᠨᠤᠳᠤᠭ ᠢᠶᠠᠨ ᠬᠠᠮᠠᠭᠠᠯᠠᠬᠤ ᠵᠤᠷᠢᠯᠭ᠎ᠠ ᠪᠠᠷ ᠴᠠᠬᠠᠷ ᠤᠨ ᠬᠤᠶᠠᠷ | ᠬᠤᠰᠢᠭᠤ ᠰᠦᠷᠦᠭ ᠤᠨ ᠬᠡᠷᠡᠭ ᠡᠷᠬᠢᠯᠡᠬᠦ ᠭᠠᠨᠵᠷ ᠢ ᠲᠦᠯᠦᠬᠡᠯᠡᠨ ᠨᠠᠨᠵᠢᠩ ᠤᠨ ᠵᠠᠰᠠᠭ ᠤᠨ ᠭᠠᠵᠠᠷ ᠠᠴᠠ ᠫᠤᠤ | ᠬᠤᠳᠠᠯᠳᠤᠨ ᠠᠪᠤᠭᠰᠠᠨ ᠶᠠᠪᠤᠳᠠᠯ ᠨᠢ ᠶᠠᠫᠦᠨ ᠲᠠᠩᠨᠠᠭᠤᠯ ᠤᠨ ᠪᠠᠶᠢᠭᠤᠯᠭ᠎ᠠ ᠠᠴᠠ ᠨᠢᠮᠬᠤᠳᠰᠠᠷ ᠢ ᠬᠤᠤᠷᠯᠠᠬᠤ | ᠴᠢᠬᠤᠯᠠ ᠰᠢᠯᠳᠠᠭ ᠪᠤᠯᠤᠭᠰᠠᠨ ᠶᠤᠮ᠃ | ᠲᠤᠮᠳᠠᠳᠤ ᠢᠷᠬᠡᠨ ᠤᠯᠤᠰ ᠤᠨ ᠬᠤᠷᠢᠨ ᠭᠤᠷᠪᠠᠳᠤᠭᠠᠷ ᠤᠨ ︵1935 ᠤᠨ︶ ᠤ ᠯᠠ ᠰᠠᠷ᠎ᠠ ᠶᠢᠨ | ᠪᠢᠳᠡᠬᠦᠨ ᠤ ᠡᠳᠦᠷ ᠨᠢᠮᠬᠤᠳᠰᠠᠷ ᠵᠠᠩᠪᠸᠢ ᠠᠴᠠ ᠴᠢᠭᠤᠯᠤᠯᠳᠤ ᠬᠠᠭᠠᠯᠭ᠎ᠠ ᠳᠤ ᠪᠤᠴᠠᠬᠤ ᠵᠠᠮ ᠳᠠᠭᠠᠨ ᠶᠠᠫᠦᠨ | ᠲᠠᠩᠨᠠᠭᠤᠯ ᠳᠤ ᠫᠤᠤᠳᠠᠭᠳᠠᠨ ᠠᠯᠠᠭᠳᠠᠪᠠ᠃ ᠲᠤᠬᠠᠢ ᠶᠢᠨ ᠵᠢᠯ 42 ᠨᠠᠰᠤᠳᠠᠢ ᠪᠠᠶᠢᠪᠠ᠃ | ᠲᠡᠷᠡ ᠬᠢᠳᠡᠳ᠂ ᠮᠤᠩᠭᠤᠯ᠂ ᠮᠠᠨᠵᠦ ᠬᠡᠯᠡᠨ ᠳᠤ ᠨᠡᠪᠳᠡᠷᠬᠡᠢ᠂ ᠶᠤᠰᠤ ᠤᠴᠢᠷ ᠶᠠᠷᠢᠬᠤ ᠳᠤ ᠮᠡᠷᠬᠡᠨ᠂ | ᠤᠯᠤᠰ ᠲᠦᠷᠦ ᠶᠢᠨ ᠠᠵᠢᠯᠯᠠᠭ᠎ᠠ ᠬᠦᠳᠡᠯᠪᠤᠷᠢ ᠳᠤ ᠴᠢᠳᠠᠮᠠᠭᠠᠢ᠂ ᠤᠷᠤᠨ ᠨᠤᠳᠤᠭ ᠤᠨ ᠢᠶᠠᠨ ᠡᠷᠬᠡ ᠮᠡᠳᠡᠯ ᠢᠶᠠᠨ | ᠬᠠᠮᠠᠭᠠᠯᠠᠨ ᠪᠠᠬᠢᠵᠡᠬᠦᠯᠬᠦ ᠬᠦᠰᠡᠯ ᠵᠤᠷᠢᠯᠳᠠ ᠪᠠᠷ ᠴᠢᠩᠭ᠎ᠠ᠂ ᠰᠢᠯᠭᠠᠷᠠᠭᠰᠠᠨ ᠤᠯᠤᠰ ᠲᠦᠷᠦᠴᠢᠨ ᠪᠠᠶᠢᠭᠰᠠᠨ ᠶᠤᠮ᠃ | ᠲᠡᠬᠦᠨ ᠢ ᠨᠠᠰᠤ ᠪᠠᠷᠠᠭᠰᠠᠨ ᠤ ᠲᠠᠷᠠᠭ᠎ᠠ ᠲᠡᠷᠡ ᠦᠶ᠎ᠠ ᠶᠢᠨ ᠲᠦᠪ ᠤᠨ ᠵᠠᠰᠠᠭ ᠤᠨ ᠭᠠᠵᠠᠷ ᠠᠴᠠ ᠪᠡᠭᠡᠵᠢᠩ ᠳᠤ | ᠤᠯᠤᠰ ᠤᠨ ᠱᠠᠳᠤᠨ ᠤ ᠭᠠᠰᠢᠭᠤᠳᠠᠯ ᠬᠢᠵᠦ ᠹᠧᠩ ᠢᠦᠢ ᠰᠢᠶᠠᠩ ᠵᠠᠩᠵᠤᠨ ᠠᠴᠠ ︽ᠮᠠᠨ ᠤ ᠴᠠᠭᠠᠨ ᠬᠡᠷᠡᠮ ᠢ | ᠡᠪᠳᠡᠪᠡᠢ︾ ᠬᠡᠮᠡᠭᠰᠡᠨ ᠪᠢᠴᠢᠬᠡᠰᠦ ᠪᠢᠴᠢᠵᠦ᠂ ᠨᠢᠮᠬᠤᠳᠰᠠᠷ ᠢ ᠤᠷᠳᠤ ᠴᠠᠭᠠᠨ ᠬᠡᠷᠡᠮ ᠯᠦᠭᠡ ᠦᠯᠢᠳᠬᠡᠵᠦ ᠪᠢᠯᠡ᠃ | ᠦᠪᠦᠷ ᠮᠤᠩᠭᠤᠯ ᠤᠨ ᠨᠢᠬᠡᠳᠦᠮᠡᠯ ᠹᠷᠤᠨᠲ ᠤᠨ ᠬᠡᠯᠳᠡᠰ ᠠᠴᠠ ᠨᠢᠮᠬᠤᠳᠰᠠᠷ ᠠᠪᠤᠭᠠᠢ ᠶᠢᠨ ᠶᠠᠫᠦᠨ ᠢ | ᠡᠰᠡᠷᠬᠦᠴᠡᠭᠰᠡᠨ ᠦᠢᠯᠡ ᠶᠠᠪᠤᠳᠠᠯ ᠢ ᠬᠢᠨᠠᠵᠦ ᠦᠵᠡᠬᠡᠳ ︽ᠤᠯᠤᠰ ᠢᠶᠠᠨ ᠬᠠᠶᠢᠷᠠᠯᠠᠭᠴᠢ ᠦᠨᠳᠦᠰᠦᠳᠡᠨ ᠤ | ᠪᠠᠭᠠᠳᠤᠷ︾ ᠬᠡᠮᠡᠨ ᠨᠡᠬᠡᠮᠵᠢᠯᠡᠨ ᠦᠨᠡᠯᠡᠪᠡ᠃ | ᠨᠢᠮᠬᠤᠳᠰᠠᠷ 1990 ᠤᠨ ᠳᠤ ︽ᠴᠠᠬᠠᠷ ᠮᠤᠩᠭᠤᠯ︾ ︵ᠮᠤᠩᠭᠤᠯ ᠲᠤᠤᠷᠡᠳᠦ᠂ ᠬᠢᠳᠡᠳ︶᠂ 2004 | ᠤᠨ ᠳᠤ ︽ᠰᠢᠯᠤᠭᠤᠨ ᠬᠦᠬᠡ ᠬᠤᠰᠢᠭᠤᠨ ᠤ ᠤᠶᠢᠯᠠᠯᠭ᠎ᠠ ︵ᠲᠤᠤᠷᠠᠳᠤ︶︾᠂ ︽ᠮᠢᠩᠭᠠᠨ ᠬᠤᠰᠢᠭᠤᠨ ᠤ | ᠲᠡᠤᠬᠡ ᠶᠢᠨ ᠲᠤᠶᠢᠮᠦ︾᠂ 2008 ᠤᠨ ᠳᠤ ︽ᠴᠠᠬᠠᠷ ᠰᠤᠶᠤᠯ ᠲᠡᠤᠬᠡ ᠶᠢᠨ ᠰᠢᠵᠢᠷ ᠬᠠᠭᠤᠳᠠᠰᠤ︾ ᠵᠡᠷᠬᠡ | ᠨᠤᠮ ᠳᠤ ᠲᠡᠮᠳᠡᠭᠯᠡᠭᠳᠡᠵᠡᠢ᠃ | |