| ᠯᠣᠷᠣᠢ ︵1900~1961 ᠣᠨ︶᠂ ᠮᠣᠩᠭᠤᠯ ᠦᠨᠳᠦᠰᠦᠲᠡᠨ᠂ ᠮᠢᠩᠭᠠᠨ ᠬᠤᠰᠢᠭᠤᠨ ᠤ | ᠬᠦᠮᠦᠨ᠃ ᠲᠣᠰ ᠬᠤᠰᠢᠭᠤᠨ ᠤ ᠬᠠᠳᠠᠨᠬᠤᠰᠢᠭᠤ ᠰᠦᠮ᠎ᠡ ᠶᠢᠨ ᠮᠠᠮᠪᠠ ᠷᠠᠰᠠᠩ — ᠠᠨᠠᠭᠠᠬᠤ ᠣᠬᠠᠭᠠᠨ ᠤ | ᠰᠠᠯᠪᠣᠷᠢ ᠳᠤ ᠰᠣᠷᠣᠯᠴᠠᠵᠤ᠂ ᠨᠡᠷ᠎ᠡ ᠲᠠᠢ ᠮᠣᠩᠭᠤᠯ ᠡᠮᠴᠢ ᠪᠠᠳᠮᠠᠵᠠᠮᠰᠤ ᠳᠤ ᠱᠠᠪᠢ ᠣᠷᠣᠵᠤ᠂ 1941 ᠣᠨ ᠳᠤ | ᠲᠡᠮᠡᠭᠡᠨ ᠠᠴᠢᠶ᠎ᠠ ᠪᠠᠷ 70 ᠡᠳᠦᠷ ᠠᠶᠠᠯᠠᠵᠤ ᠲᠥᠪᠡᠳ ᠤᠨ ᠯᠾᠠᠰᠠ ᠳᠤ ᠬᠦᠷᠴᠦ 3 ᠵᠢᠯ ᠡᠮᠨᠡᠯᠭᠡ ᠶᠢᠨ ᠣᠬᠠᠭᠠᠨ | ᠤ ᠡᠷᠳᠡᠮ ᠰᠣᠷᠣᠯᠴᠠᠵᠤ᠂ ᠠᠯᠠᠱᠠ ᠠᠶᠢᠮᠠᠭ ᠲᠤ 3 ᠵᠢᠯ ᠦᠢᠯᠡᠳᠦᠯᠭᠡ ᠬᠢᠵᠦ᠂ 1948 ᠣᠨ ᠳᠤ ᠭᠦᠩᠳᠦᠪ ᠤᠨ | ᠬᠠᠮᠲᠤ ᠨᠣᠲᠤᠭ ᠲᠠᠭᠠᠨ ᠪᠣᠴᠠᠨ ᠢᠷᠡᠵᠦ᠂ ᠰᠣᠷᠣᠭᠰᠠᠨ ᠡᠷᠳᠡᠮ ᠢᠶᠠᠷ ᠢᠶᠠᠨ ᠮᠠᠯᠴᠢᠳ ᠲᠠᠭᠠᠨ ᠦᠢᠯᠡᠴᠢᠯᠡᠵᠡᠢ᠃ | 1949 ᠣᠨ ᠳᠤ ᠬᠠᠳᠠᠨᠬᠤᠰᠢᠭᠤ ᠰᠦᠮ᠎ᠡ ᠳᠡᠭᠡᠷ᠎ᠡ ᠮᠣᠩᠭᠤᠯ ᠡᠮᠨᠡᠯᠭᠡ ᠶᠢᠨ ᠬᠤᠷᠢᠶ᠎ᠠ ᠪᠠᠶᠢᠭᠤᠯᠵᠤ᠂ ᠯᠣᠷᠣᠢ | ᠡᠮᠴᠢ ᠬᠤᠷᠢᠶᠠᠨ ᠳᠠᠷᠤᠭ᠎ᠠ ᠶᠢᠨ ᠳᠣᠰᠢᠶᠠᠯ ᠢ ᠬᠠᠷᠢᠭᠤᠴᠠᠵᠠᠢ᠃ ᠰᠡᠭᠦᠯᠡᠷ ᠨᠢ 44 ᠮᠣᠩᠭᠤᠯ ᠡᠮᠴᠢ ᠶᠢ ᠵᠣᠬᠢᠶᠠᠨ | ᠪᠠᠶᠢᠭᠤᠯᠵᠤ᠂ ᠬᠠᠯᠢᠭᠤᠲᠠᠢ᠂ ᠴᠠᠶᠢᠳᠠᠮ᠂ ᠣᠯᠠᠨᠨᠠᠭᠤᠷ ᠲᠤ 3 ᠰᠠᠯᠪᠣᠷᠢ ᠡᠮᠨᠡᠯᠭᠡ ᠶᠢᠨ ᠬᠤᠷᠢᠶ᠎ᠠ ᠪᠠᠶᠢᠭᠤᠯᠵᠠᠢ᠃ | 1956 ᠣᠨ ᠳᠤ ᠬᠤᠰᠢᠭᠤᠨ ᠤ ᠦᠨᠳᠦᠰᠦᠲᠡᠨ ᠤ ᠡᠷᠡᠭᠦᠯ ᠬᠠᠮᠠᠭᠠᠯᠠᠯ ᠤᠨ ᠠᠩᠭᠢ ᠶᠢᠨ ᠳᠠᠷᠤᠭ᠎ᠠ᠂ ᠬᠤᠰᠢᠭᠤᠨ | ᠤ ᠮᠣᠩᠭᠤᠯ ᠡᠮᠨᠡᠯᠭᠡ ᠶᠢᠨ ᠰᠠᠯᠠᠭᠠᠨ ᠤ ᠡᠷᠬᠢᠯᠡᠭᠴᠢ ᠪᠣᠯᠵᠠᠢ᠃ ᠠᠶᠢᠮᠠᠭ ᠤᠨ ᠣᠯᠣᠰ ᠲᠥᠷᠦ ᠶᠢᠨ ᠵᠥᠪᠯᠡᠯᠭᠡᠨ ᠤ | ᠭᠡᠰᠢᠭᠦᠨ᠂ ᠥᠪᠦᠷ ᠮᠣᠩᠭᠤᠯ ᠤᠨ ᠠᠷᠠᠳ ᠤᠨ ᠵᠥᠪᠯᠡᠯ ᠤᠨ ᠭᠡᠰᠢᠭᠦᠨ ᠵᠡᠷᠭᠡ ᠶᠢᠨ ᠳᠣᠰᠢᠶᠠᠯ ᠲᠠᠢ ᠪᠠᠶᠢᠵᠠᠢ᠃ | 1956 ᠣᠨ ᠳᠤ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠷᠢᠭᠦᠨ ᠤ ᠲᠥᠯᠦᠭᠡᠯᠡᠭᠴᠢᠳ ᠤᠨ | ᠬᠤᠷᠠᠯᠳᠣᠭᠠᠨ ᠳᠤ ᠣᠷᠣᠯᠴᠠᠵᠠᠢ᠃ | ᠡᠮᠴᠢ ᠯᠣᠷᠣᠢ ᠡᠮᠨᠡᠯᠭᠡ ᠶᠢᠨ ᠬᠤᠷᠢᠶᠠᠨ ᠳᠠᠷᠤᠭ᠎ᠠ ᠶᠢᠨ ᠳᠣᠰᠢᠶᠠᠯ ᠢ ᠡᠭᠦᠷᠭᠡᠯᠡᠵᠦ ᠪᠠᠶᠢᠭᠰᠠᠨ | ᠬᠤᠭᠤᠴᠠᠭᠠᠨ ᠳᠤ ᠵᠠᠮᠪᠠᠯᠱᠣᠩᠨᠤ ᠶᠢ ᠪᠠᠭᠰᠢ ᠪᠠᠷ᠂ ᠠᠭᠸᠠᠩ ᠢ ᠵᠢᠷᠣᠭᠴᠢᠨ ᠢᠶᠠᠷ᠂ ᠰᠧᠷᠡᠩᠵᠠᠪ ᠢ ᠪᠢᠴᠢᠭᠡᠴᠢ ᠪᠠᠷ | ᠲᠣᠰ ᠲᠣᠰ ᠵᠠᠯᠠᠵᠤ ︽ᠠᠨᠠᠭᠠᠬᠤ ᠣᠬᠠᠭᠠᠨ ᠤ ᠳᠥᠷᠪᠡᠨ ᠦᠨᠳᠦᠰᠦ︾ ᠵᠡᠷᠭᠡ ᠨᠣᠮ ᠢ ᠵᠣᠬᠢᠶᠠᠨ ᠣᠷᠴᠢᠭᠤᠯᠣᠨ | ᠵᠢᠷᠣᠭᠯᠠᠵᠤ ᠮᠣᠩᠭᠤᠯ ᠡᠮ ᠡᠮᠨᠡᠯᠭᠡ ᠶᠢᠨ ᠦᠢᠯᠡᠰ ᠲᠤ ᠶᠡᠬᠡᠭᠡᠨ ᠬᠤᠪᠢ ᠨᠡᠮᠡᠷᠢ ᠦᠵᠡᠭᠦᠯᠵᠡᠢ᠃ 1961 ᠣᠨ ᠳᠤ | ᠡᠪᠡᠳᠴᠢᠨ ᠢᠶᠠᠷ ᠨᠠᠰᠤ ᠪᠠᠷᠠᠪᠠ᠃ | ᠯᠣᠷᠣᠢ᠂ 2004 ᠣᠨ ᠳᠤ ︽ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ ︵ᠳᠣᠣᠷᠠᠳᠤ︶︾᠂ ︽ | ᠰᠢᠯᠣᠭᠤᠨ ᠬᠥᠬᠡ ᠬᠤᠰᠢᠭᠤᠨ ᠤ ᠠᠵᠢᠯᠴᠢᠳ ᠤᠨ ᠨᠡᠷᠡᠲᠦ ᠬᠦᠮᠦᠰ︾ ᠬᠡᠮᠡᠬᠦ ᠨᠣᠮ ᠲᠤ ᠲᠡᠮᠳᠡᠭᠯᠡᠭᠳᠡᠵᠡᠢ᠃ | | |