| ᠫᠣᠩᠰᠤᠭ ︵1903~1968 ᠣᠨ︶᠂ ᠳᠥᠭᠦᠮ ᠨᠡᠷ᠎ᠡ ᠨᠢ ᠫᠣᠩᠭᠠ᠂ ᠦᠵᠢᠶᠠᠳ ᠣᠪᠣᠭ ᠲᠠᠢ᠂ | ᠰᠢᠯᠣᠭᠤᠨ ᠬᠥᠬᠡ ᠬᠤᠰᠢᠭᠤᠨ ᠤ ᠴᠠᠬᠠᠷ ᠲᠡᠷᠢᠭᠦᠨ ᠰᠣᠮᠣᠨ ᠤ ᠬᠦᠮᠦᠨ᠂ ᠳᠣᠷᠵᠢ ︵ᠳᠣᠵᠢ︶ ᠶᠢᠨ ᠬᠥᠪᠡᠭᠦᠨ | ᠪᠣᠯᠣᠨ ᠲᠥᠷᠦᠵᠡᠢ᠃ | ᠡᠴᠢᠭᠡ ᠶᠢᠨ ᠬᠢᠨᠢ ᠠᠩᠬᠠᠨ ᠳᠠᠭᠠᠨ ᠳᠥᠭᠦᠮᠬᠡᠨ ᠠᠮᠢᠳᠣᠷᠠᠯ ᠲᠠᠢ ᠠᠶᠢᠯ ᠯᠡ ᠪᠠᠶᠢᠭᠰᠠᠨ ᠢᠶᠠᠨ ᠬᠤᠵᠢᠮ | ᠨᠢ ᠰᠢᠯᠣᠭᠤᠨ ᠬᠥᠬᠡ ᠬᠤᠰᠢᠭᠤ ᠪᠣᠯᠣᠨ ᠣᠶᠢᠷ᠎ᠠ ᠵᠡᠷᠭᠡᠯᠡᠳᠡᠭᠡ ᠬᠤᠰᠢᠭᠤᠨ ᠤ ᠬᠢᠨ ᠳᠤ ︽ᠪᠠᠶᠠᠨ ᠳᠣᠵᠢ︾ ᠭᠡᠵᠦ | ᠮᠢᠩᠭᠠᠨ ᠠᠳᠣᠭᠤ ᠲᠠᠢ ᠪᠠᠶᠠᠨ ᠠᠶᠢᠯ ᠪᠣᠯᠣᠭᠰᠠᠨ ᠪᠠᠶᠢᠨ᠎ᠠ᠃ | ᠫᠣᠩᠰᠤᠭ ᠬᠠᠷᠠᠬᠠᠨ ᠪᠠᠭ᠎ᠠ ᠠᠴᠠ ᠪᠠᠨ ᠡᠴᠢᠭᠡ ᠪᠠᠨ ᠳᠠᠭᠠᠵᠤ ᠠᠳᠣᠭᠤ ᠪᠠᠨ ᠮᠠᠯᠵᠢᠨ ᠠᠷᠠᠴᠢᠯᠠᠵᠤ᠂ ᠠᠵᠢᠯᠴᠢ | ᠪᠣᠷᠣᠭᠵᠢᠭᠤᠨ᠂ ᠨᠣᠮᠣᠬᠠᠨ ᠳᠠᠷᠣᠤ ᠵᠠᠩ ᠲᠠᠢ ᠪᠠᠶᠢᠵᠠᠢ᠃ ᠲᠡᠷᠡ ᠡᠴᠢᠭᠡ ᠠᠴᠠ ᠪᠠᠨ ᠬᠤᠶᠢᠰᠢ ᠭᠠᠯ ᠭᠤᠯᠣᠮᠲᠠ | ᠪᠠᠨ ᠵᠠᠯᠭᠠᠮᠵᠢᠯᠠᠨ ᠠᠶᠢᠯ ᠭᠡᠷ ᠢᠶᠠᠨ ᠡᠵᠡᠩᠨᠡᠵᠦ ᠶᠠᠪᠣᠭᠰᠠᠨ ᠠᠴᠠ ᠪᠠᠰᠠ ︽ᠪᠠᠶᠠᠨ ᠫᠣᠩᠰᠤᠭ︾ ᠭᠡᠵᠦ ᠨᠡᠷᠡᠰᠢᠭᠰᠡᠨ | ᠪᠠᠶᠢᠨ᠎ᠠ᠃ ᠮᠠᠩᠬᠠᠨ ᠳᠤ ᠠᠳᠣᠭᠤ ᠨᠢ ᠮᠢᠩᠭ᠎ᠠ ᠪᠠᠶᠢᠵᠤ᠂ ᠵᠠᠭᠤ ᠰᠢᠬᠠᠮ ᠦᠬᠡᠷ ᠲᠠᠢ᠂ ᠬᠤᠶᠠᠷ ᠭᠤᠷᠪᠠᠨ ᠵᠠᠭᠤᠨ | ᠬᠤᠨᠢ ᠢᠮᠠᠭ᠎ᠠ ᠲᠠᠢ ᠯᠡ ᠪᠠᠶᠢᠵᠠᠢ᠃ | ︽ᠪᠠᠶᠠᠨ ᠫᠣᠩᠰᠤᠭ︾ ᠬᠤᠪᠢᠰᠬᠠᠯ ᠤᠨ ᠳᠣᠬᠠᠢ ᠰᠠᠶᠢᠨ ᠮᠡᠳᠡᠭᠡᠳᠦᠢ ᠪᠠᠶᠢᠭᠰᠠᠨ ᠪᠣᠯᠪᠣᠴᠤ ᠡᠪ | ᠬᠠᠮᠲᠤ ᠨᠠᠮ᠂ ᠠᠷᠠᠳ ᠤᠨ ᠵᠠᠰᠠᠭ ᠤᠨ ᠣᠷᠳᠣᠨ᠂ ᠴᠢᠯᠦᠭᠡᠯᠡᠬᠦ ᠴᠡᠷᠢᠭ ᠨᠢ ᠠᠷᠠᠳ ᠲᠥᠮᠡᠨ ᠤ ᠲᠥᠯᠦᠭᠡ | ᠦᠢᠯᠡᠴᠢᠯᠡᠳᠡᠭ ᠭᠡᠰᠡᠨ ᠳᠥᠭᠦᠮᠬᠡᠨ ᠲᠠᠨᠢᠯᠲᠠ ᠪᠠᠷ ᠢᠶᠠᠨ ᠬᠤᠪᠢᠰᠬᠠᠯ ᠤᠨ ᠠᠵᠢᠯ ᠢ ᠢᠳᠡᠪᠬᠢᠲᠡᠢ ᠳᠡᠮᠵᠢᠭᠰᠡᠨ | ᠪᠠᠶᠢᠨ᠎ᠠ᠃ ᠥᠪᠦᠷ ᠮᠣᠩᠭᠤᠯ ᠤᠨ ᠬᠤᠪᠢᠰᠬᠠᠯᠲᠤ ᠴᠡᠷᠢᠭ ᠤᠨ ᠳᠣᠰᠠᠭᠠᠷ ᠪᠠᠲ᠋ᠠᠯᠢᠶᠣᠨ ︵ᠰᠡᠭᠦᠯ ᠤᠨ 16 ᠳ᠋ᠣᠭᠠᠷ | ᠳ᠋ᠢᠸᠢᠽᠢ︶᠂ ᠴᠠᠭᠠᠨ ᠪᠣᠭᠲᠠ ᠶᠢᠨ ᠴᠡᠷᠢᠭ ︵ᠰᠡᠭᠦᠯ ᠤᠨ 11 ᠳ᠋ᠣᠭᠡᠷ ᠳ᠋ᠢᠸᠢᠽᠢ︶ ᠢ ᠣᠯᠠᠨ ᠲᠣᠭᠠᠨ ᠤ ᠠᠭᠲᠠ | ᠮᠣᠷᠢ ᠪᠠᠷ ᠳᠡᠮᠵᠢᠵᠡᠢ᠃ | 16 ᠳ᠋ᠣᠭᠠᠷ ᠳ᠋ᠢᠸᠢᠽᠢ ᠳᠤ ᠨᠢᠭᠡ ᠣᠳᠠᠭ᠎ᠠ ᠳᠤ ᠬᠤᠶᠠᠷ ᠵᠠᠭᠤᠨ ᠠᠭᠲᠠ ᠥᠭᠴᠦ ᠪᠠᠶᠢᠪᠠ᠃ ᠪᠠᠰᠠ | ᠬᠤᠰᠢᠭᠤ ᠴᠡᠷᠢᠭ ᠲᠤ ᠠᠷᠪᠠᠨ ᠠᠭᠲᠠ ᠳᠣᠰᠠᠯᠠᠭᠰᠠᠨ ᠪᠠᠶᠢᠨ᠎ᠠ᠃ ︽ᠪᠠᠶᠠᠨ ᠫᠣᠩᠰᠤᠭ︾ ᠤᠨ ᠬᠤᠪᠢᠰᠬᠠᠯᠲᠤ | ᠴᠡᠷᠢᠭ ᠲᠤ ᠣᠯᠠᠨ ᠣᠳᠠᠭ᠎ᠠ ᠳᠣᠰᠠᠯᠠᠵᠤ ᠥᠭᠭᠦᠭᠰᠡᠨ ᠠᠭᠲᠠ ᠨᠡᠶᠢᠲᠡ ᠲᠠᠪᠣᠨ ᠵᠠᠭᠤᠨ ᠪᠣᠯᠵᠠᠢ᠃ | 1946 ᠣᠨ ᠤ ᠨᠠᠮᠣᠷ᠂ ᠭᠤᠮᠢᠨᠳᠠᠩ ᠴᠢᠯᠦᠭᠡᠯᠡᠭᠳᠡᠭᠰᠡᠨ ᠣᠷᠣᠨ ᠵᠦᠭ ᠪᠥᠬᠦ ᠲᠠᠯ᠎ᠠ ᠶᠢᠨ | ᠳᠠᠭᠠᠷᠢᠯᠲᠠ ᠶᠠᠪᠣᠭᠤᠯᠬᠤ ᠳᠤ ᠰᠢᠯᠣᠭᠤᠨ ᠬᠥᠬᠡ ᠶᠢᠨ ᠣᠷᠪᠠᠳᠠᠯ ᠭᠠᠰᠢ ᠶᠢᠨ ᠴᠡᠷᠢᠭ ᠢᠷᠡᠵᠦ ᠡᠳ᠋ ᠪᠣᠳᠠᠰ ᠢ | ᠳᠡᠭᠡᠷᠡᠮᠳᠡᠨ ᠠᠪᠴᠤ ᠪᠠᠶᠢᠬᠤ ᠦᠶ᠎ᠡ ᠳᠤ ︽ᠪᠠᠶᠠᠨ ᠫᠣᠩᠰᠤᠭ︾ ᠠᠶᠢᠯ ᠰᠠᠭᠠᠬᠠᠯᠲᠠ ᠶᠢᠨ ᠬᠢᠨ ᠲᠠᠢ ᠪᠠᠨ | ᠵᠥᠪᠳᠡᠯᠴᠡᠨ ᠡᠳ᠋ ᠬᠥᠷᠦᠩᠭᠡ ᠪᠠᠨ ᠠᠷᠭᠠᠯ ᠬᠦᠷᠵᠡᠩ ᠤᠨ ᠣᠪᠣᠭᠠᠨ ᠳᠣᠲᠣᠷ᠎ᠠ ᠨᠢᠭᠤᠵᠤ ᠥᠩᠭᠡᠷᠡᠭᠰᠡᠨ ᠣᠳᠠᠭ᠎ᠠ | ᠪᠣᠢ᠃ | ︽ᠪᠠᠶᠠᠨ ᠫᠣᠩᠰᠤᠭ︾ ᠥᠪᠡᠷ ᠤᠨ ᠪᠡᠶ᠎ᠡ ᠪᠠᠷ ᠢᠶᠠᠨ ᠨᠣᠲᠤᠭ ᠣᠷᠣᠨ ᠤ ᠴᠢᠯᠦᠭᠡᠯᠡᠯᠲᠡ ᠶᠢᠨ | ᠦᠢᠯᠡᠰ ᠢ ᠳᠡᠮᠵᠢᠭᠰᠡᠨ ᠢᠶᠠᠷ ᠪᠠᠷᠠᠬᠤ ᠦᠭᠡᠢ᠂ ᠶᠡᠭᠡ ᠬᠦᠦ ᠬᠠᠰᠧᠴᠢᠷ ᠢᠶᠠᠨ 1946 ᠣᠨ ᠳᠤ ᠴᠠᠭᠠᠨ ᠪᠣᠭᠲᠠ | ᠶᠢᠨ ᠴᠡᠷᠢᠭ ᠲᠤ ᠮᠣᠷᠳᠠᠭᠤᠯᠵᠤ᠂ ᠬᠤᠶᠠᠳᠣᠭᠠᠷ ᠬᠦᠦ ᠡᠷᠳᠡᠨᠢ ᠢᠶᠠᠨ1947 ᠣᠨ ᠳᠤ ᠣᠯᠠᠭᠠᠨᠬᠠᠳᠠ ᠶᠢᠨ ᠴᠡᠷᠢᠭ | ᠵᠠᠰᠠᠭ ᠤᠨ ᠶᠡᠭᠡ ᠰᠣᠷᠭᠠᠭᠤᠯᠢ ᠳᠤ ᠶᠠᠪᠣᠭᠤᠯᠵᠠᠢ᠃ | 1948 ᠣᠨ ᠳᠤ ᠮᠠᠯᠴᠢᠨ ᠠᠷᠠᠳ ᠤᠨ ᠬᠥᠳᠡᠯᠭᠡᠭᠡᠨ ᠤ ᠳᠣᠮᠳᠠ ︽ᠪᠠᠶᠠᠨ ᠫᠣᠩᠰᠤᠭ︾ ᠨᠢ ᠳᠣᠬᠠᠢ | ᠶᠢᠨ ᠦᠶ᠎ᠡ ᠳᠤ ᠣᠯᠠᠭᠠᠨᠬᠦᠦ ᠶᠢᠨ ᠳᠣᠷᠠᠳᠣᠭᠰᠠᠨ ︽ᠮᠠᠯ ᠤᠨ ᠡᠵᠡᠨ ᠪᠣᠯᠣᠨ ᠬᠥᠯᠦᠰᠦᠨ ᠮᠠᠯᠴᠢᠨ ᠬᠤᠶᠠᠭᠤᠯᠠ ᠳᠤ | ᠠᠰᠢᠭᠲᠠᠢ︾ ᠪᠠᠶᠢᠬᠤ ᠪᠠ ᠬᠠᠷᠢᠯᠴᠠᠨ ᠳᠣᠰᠠᠯᠠᠬᠤ ᠲᠥᠷᠦ ᠶᠢᠨ ᠪᠣᠳᠣᠯᠭ᠎ᠠ ᠶᠢ ᠴᠣᠣᠷᠢᠶᠠᠳᠣᠨ᠂ ᠥᠪᠡᠷ ᠤᠨ | ᠰᠠᠶᠢᠨ ᠳᠣᠷ᠎ᠠ ᠠᠴᠠ ᠪᠠᠨ ᠡᠳ᠋ ᠡᠷᠳᠡᠨᠢᠰ ᠪᠠ ᠮᠠᠯ ᠬᠥᠷᠦᠩᠭᠡ ᠶᠢᠨ ᠢᠶᠠᠨ ᠶᠡᠬᠡᠩᠬᠢ ᠶᠢ ᠮᠠᠯᠴᠢᠨ ᠠᠷᠠᠳ ᠤᠨ | ᠬᠥᠳᠡᠯᠭᠡᠭᠡᠨ ᠤ ᠬᠤᠷᠠᠯ ᠳᠤ ᠡᠷᠭᠦᠨ ᠥᠷᠭᠡᠨ ᠣᠯᠠᠨ ᠮᠠᠯᠴᠢᠳ ᠲᠠᠭᠠᠨ ᠰᠠᠶᠢᠨ ᠢᠶᠠᠷ ᠦᠨᠡᠯᠡᠭᠳᠡᠭᠰᠡᠨ ᠪᠠᠶᠢᠨ᠎ᠠ᠃ | 1950 ᠭᠠᠳ ᠣᠨ ᠳᠤ ᠨᠡᠶᠢᠭᠡᠮ ᠵᠢᠷᠣᠮᠲᠤ ᠥᠭᠡᠷᠡᠴᠢᠯᠡᠯᠲᠡ ᠪᠠᠨ ᠣᠭᠲᠣᠨ ᠨᠣᠲᠤᠭ ᠣᠰᠣᠨ ᠤ ᠠᠬ᠎ᠠ ᠳᠡᠭᠦᠦ | ᠨᠠᠷ ᠲᠠᠢ ᠪᠠᠨ ᠬᠠᠮᠵᠢᠯᠴᠠᠨ ᠠᠳᠣᠭᠤᠨ ᠰᠦᠷᠦᠭ ᠤᠨ ᠳᠣᠭᠤᠶᠢᠯᠠᠩ ᠢ ᠪᠠᠶᠢᠭᠤᠯᠵᠤ᠂ ᠬᠠᠪᠰᠣᠷᠣᠯ ᠬᠤᠷᠰᠢᠶᠠᠵᠢᠯ | ᠤᠨ ᠠᠩᠬᠠᠨ ᠤ ᠠᠯᠬᠤᠮ ᠢ ᠠᠯᠬᠤᠭᠰᠠᠨ ᠪᠠᠶᠢᠨ᠎ᠠ᠃ | ︽ᠪᠠᠶᠠᠨ ᠫᠣᠩᠰᠤᠭ︾ ᠤᠨ ᠭᠤᠷᠪᠠᠳᠣᠭᠠᠷ ᠬᠦᠦ ᠰᠠᠮᠪᠣᠤ ᠪᠠᠷᠢᠭᠠᠳᠠ ︵ᠭᠠᠴᠠᠭ᠎ᠠ︶ ᠶᠢᠨ ᠨᠢᠭᠲᠠᠯᠠᠨ | ᠪᠣᠳᠣᠭᠴᠢ ᠶᠢᠨ ᠠᠵᠢᠯ ᠢ ᠣᠳᠠᠭᠠᠨ ᠵᠢᠯ ᠬᠢᠵᠦ᠂ ᠵᠢᠭᠠᠰᠣᠲᠠᠢ ᠰᠣᠮᠣᠨ ᠤ ᠪᠠᠶᠠᠨ ᠣᠯᠠᠭᠠᠨ ᠪᠠᠷᠢᠭᠠᠳᠠ ᠶᠢᠨ ᠠᠵᠤ | ᠠᠬᠤᠢ ᠶᠢᠨ ᠠᠵᠢᠯ ᠳᠤ ᠬᠦᠴᠦᠨ ᠢᠶᠠᠨ ᠡᠷᠭᠦᠭᠰᠡᠨ ᠪᠠᠶᠢᠨ᠎ᠠ᠃ | ︽ᠪᠠᠶᠠᠨ ᠫᠣᠩᠰᠤᠭ︾ ᠭᠤᠸᠠᠢ᠂ ᠬᠤᠰᠢᠭᠤ ᠰᠣᠮᠣᠨ ᠤ ᠠᠷᠠᠳ ᠤᠨ ᠲᠥᠯᠦᠭᠡᠯᠡᠭᠴᠢ ᠪᠠ | ᠬᠠᠩᠭᠠᠯᠭ᠎ᠠ ᠶᠢᠨ ᠬᠤᠷᠰᠢᠶᠠᠨ ᠤ ᠲᠥᠯᠦᠭᠡᠯᠡᠭᠴᠢ ᠪᠠᠶᠢᠵᠠᠢ᠃ ᠠᠶᠢᠮᠠᠭ ᠤᠨ ᠣᠯᠣᠰ ᠲᠥᠷᠦ ᠶᠢᠨ ᠵᠥᠪᠯᠡᠯᠭᠡᠨ ᠤ | ᠭᠤᠷᠪᠠ᠂ ᠳᠥᠷᠪᠡᠳᠦᠭᠡᠷ ᠬᠤᠭᠤᠴᠠᠭᠠᠨ ᠤ ᠬᠤᠷᠠᠯ ᠳᠤ ᠣᠨᠴᠠ ᠣᠷᠢᠭᠳᠠᠭᠰᠠᠳ ᠢᠶᠠᠷ ᠣᠷᠣᠯᠴᠠᠵᠤ ᠪᠠᠶᠢᠵᠠᠢ᠃ | 1959 ᠣᠨ ᠳᠤ ᠪᠡᠭᠡᠵᠢᠩ ᠳᠤ ᠴᠥᠭᠡᠨ ᠳᠣᠭᠠᠲᠤ ᠦᠨᠳᠦᠰᠦᠲᠡᠨ ᠤ ᠨᠡᠷᠡᠲᠦ ᠬᠦᠮᠦᠰ ᠤᠨ ᠬᠤᠪᠢ | ᠪᠠᠷ ᠨᠠᠮ ᠲᠥᠷᠦ ᠶᠢᠨ ᠣᠳᠣᠷᠢᠳᠣᠭᠴᠢ ᠨᠠᠷ ᠲᠠᠢ ᠠᠭᠤᠯᠵᠠᠨ ᠰᠡᠭᠦᠳᠡᠷᠯᠡᠵᠦ ᠪᠢᠯᠡ᠃ | ᠭᠡᠲᠡᠯ᠎ᠡ ᠠᠬᠢᠮᠠᠭ ᠨᠠᠰᠣᠨ ᠤ ᠦᠶ᠎ᠡ ᠳᠡᠭᠡᠨ ᠲᠥᠷᠦ ᠬᠦᠷᠦᠨ ᠢ ᠰᠠᠮᠠᠷᠠᠭᠤᠯᠣᠭᠰᠠᠨ ᠠᠷᠪᠠᠨ ᠵᠢᠯ ᠤᠨ | ᠰᠣᠶᠣᠯ ᠤᠨ ᠬᠤᠪᠢᠰᠬᠠᠯ ᠤᠨ ᠭᠠᠢ ᠭᠠᠮᠰᠢᠭ ᠤᠨ ᠳᠣᠮᠳᠠ᠂ ᠵᠡᠪᠰᠡᠭᠲᠦ ᠮᠠᠯ ᠤᠨ ᠡᠵᠡᠨ ᠤᠯᠠᠭᠠᠨᠬᠦᠦ ᠶᠢᠨ ᠣᠯᠣᠰ | ᠠᠴᠠ ᠣᠷᠪᠠᠭ᠋ᠤ ᠪᠥᠯᠦᠭᠲᠡᠨ᠂ ᠥᠪᠦᠷ ᠠᠷᠠᠳ ᠤᠨ ᠨᠠᠮ ᠤᠨ ᠮᠣᠵᠢᠭᠤᠳᠠ ᠡᠲᠡᠭᠡᠳ ᠵᠡᠷᠭᠡ ᠶᠢᠨ ᠪᠠᠶᠢᠵᠤ ᠪᠣᠯᠣᠰᠢ | ᠦᠭᠡᠢ ᠬᠦᠨᠳᠦ ᠬᠢᠯᠢᠰ ᠮᠠᠯᠠᠭᠠᠢ ᠡᠮᠦᠰᠴᠦ ᠣᠯᠠᠨ ᠵᠦᠢᠯ ᠤᠨ ᠡᠷᠡᠭᠦᠦ ᠳᠤ ᠲᠣᠯᠭᠠᠭᠳᠠᠵᠤ᠂ ᠪᠡᠶ᠎ᠡ ᠰᠡᠳᠬᠢᠯ ᠤᠨ | ᠬᠡᠴᠡᠭᠦᠦ ᠲᠠᠮᠣᠯᠠᠯ ᠳᠠᠷᠴᠢᠯᠭᠠᠯ ᠢ ᠠᠮᠰᠠᠵᠤ ᠪᠠᠶᠢᠭᠠᠳ 1968 ᠣᠨ ᠤ 8 ᠰᠠᠷ᠎ᠠ ᠳᠤ ᠬᠤᠪᠢᠰᠬᠠᠯᠲᠤ ᠣᠷᠪᠠᠯᠭ᠎ᠠ | ᠭᠠᠷᠭᠠᠭᠰᠠᠳ ᠬᠡᠮᠡᠭᠴᠢ ᠶᠢᠨ ᠴᠢᠰᠤ ᠪᠢᠯᠳᠠᠭᠰᠠᠨ ᠭᠠᠷ ᠳᠣᠣᠷ᠎ᠠ ᠬᠠᠷᠠᠮᠰᠠᠯᠲᠠᠢ ᠪᠡᠶ᠎ᠡ ᠦᠷᠡᠭᠳᠡᠵᠡᠢ᠃ ᠲᠡᠭᠦᠨ ᠤ | ᠭᠡᠷᠭᠡᠢ ᠨᠠᠩᠰᠠᠯᠮ᠎ᠠ ᠳᠤ ᠵᠡᠪᠰᠡᠭᠲᠦ ᠮᠠᠯ ᠤᠨ ᠡᠵᠡᠨ ᠤ ᠬᠠᠷᠭᠢᠰ ᠡᠬᠡᠨᠡᠷ ᠭᠡᠰᠡᠨ ᠮᠠᠯᠠᠭᠠᠢ ᠡᠮᠦᠰᠭᠡᠵᠦ ᠬᠤᠲᠠ | ᠲᠣᠭᠤᠷᠢᠭᠤᠯᠣᠨ ᠲᠡᠮᠡᠴᠡᠵᠦ᠂ ᠳᠡᠰᠪᠦᠷᠢᠯᠡᠬᠦᠶᠡ ᠪᠡᠷᠬᠡ ᠠᠮᠢᠳᠤ ᠶᠢᠨ ᠲᠠᠮᠤ ᠳᠤ ᠣᠷᠣᠭᠤᠯᠣᠭᠰᠠᠨ ᠳᠤ ᠠᠰᠪᠣᠷ | ᠴᠠᠭᠠᠪᠣᠷ ᠮᠣᠩᠭᠤᠯ ᠪᠥᠰᠡᠭᠦᠢ 1968 ᠣᠨ ᠤ 10 ᠰᠠᠷ᠎ᠠ ᠳᠤ ᠵᠠᠪᠰᠢᠶᠠᠨ ᠪᠣᠰᠤ ᠪᠠᠷ ᠨᠠᠰᠤ ᠨᠥᠭᠴᠢᠵᠡᠢ᠃ | ᠫᠣᠩᠰᠤᠭ᠂ 2006 ᠣᠨ ᠳᠤ ︽ᠴᠠᠬᠠᠷ ᠰᠢᠯᠣᠭᠤᠨ ᠬᠥᠬᠡ ᠬᠤᠰᠢᠭᠤ︾ ᠬᠡᠮᠡᠬᠦ ᠨᠣᠮ ᠳᠤ | ᠲᠡᠮᠳᠡᠭᠯᠡᠭᠳᠡᠵᠡᠢ᠃ | ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃ | | | | | | | | |