| ᠡᠷᠳᠡᠨᠢᠴᠡᠴᠡᠭ ︵1906 —᠂ ᠣᠯᠠᠭᠴᠢᠨ ᠬᠤᠨᠢᠨ ᠵᠢᠯ︶᠂ ᠴᠠᠬᠠᠷ ᠳᠣᠯᠣᠨᠨᠠᠭᠤᠷ ᠤᠨ ᠨᠣᠶᠠᠨ | ᠭᠡᠭᠡᠨ ᠱᠠᠪᠢᠨᠠᠷ ᠤᠨ ᠮᠠᠯᠴᠢᠨ ᠪᠣᠶᠠᠨᠳᠣᠭᠲᠠᠬᠤ ᠶᠢᠨ ᠭᠡᠷ ᠲᠤ ᠲᠥᠷᠦᠵᠡᠢ᠃ ᠲᠡᠷᠡ᠂ ᠬᠠᠷᠠᠬᠠᠨ ᠪᠠᠭ᠎ᠠ ᠠᠴᠠ ᠪᠠᠨ | ᠵᠡᠭᠦᠦ ᠣᠲᠠᠰᠣᠨ ᠤ ᠦᠢᠯᠡ ᠳᠤ ᠳᠣᠷᠠᠲᠠᠢ᠂ ᠲᠣᠷᠭ᠎ᠠ ᠳᠣᠷᠳᠣᠩ ᠤᠨ ᠬᠠᠳᠬᠤᠮᠠᠯ ᠳᠤ ᠣᠷᠠᠨ᠃ ᠬᠤᠵᠢᠮ ᠨᠢ | ᠬᠤᠸᠠᠷ ᠬᠠᠳᠬᠤᠮᠠᠯ ᠢᠶᠠᠷ ᠠᠮᠢᠳᠣᠷᠠᠯ ᠤᠨ ᠢᠶᠠᠨ ᠳᠦᠰᠢᠭ ᠪᠣᠯᠭᠠᠵᠠᠢ᠃ ᠲᠡᠭᠦᠨ ᠤ ᠣᠷᠠᠯᠠᠨ ᠬᠠᠳᠬᠤᠭᠰᠠᠨ | ᠬᠤᠸᠠᠷ ᠴᠡᠴᠡᠭ᠂ ᠠᠷᠢᠶᠠᠲᠠᠨ ᠵᠢᠭᠦᠷᠲᠡᠨ᠂ ᠯᠣᠤ᠂ ᠭᠠᠷᠣᠳᠢ᠂ ᠡᠷᠪᠡᠬᠡᠢ ᠶᠢᠨ ᠥᠩᠭᠡ ᠨᠢ ᠰᠣᠷᠭᠤᠭ ᠬᠤᠷᠴᠠ᠂ | ᠦᠵᠡᠬᠦ ᠳᠤ ᠠᠮᠢᠳᠤ᠂ ᠥᠪᠡᠷ ᠤᠨ ᠬᠡᠪ ᠨᠠᠮᠪᠠ ᠣᠨᠴᠠᠯᠢᠭ ᠲᠠᠢ ᠲᠣᠯᠠ ᠬᠤᠯᠠ ᠣᠶᠢᠷ᠎ᠠ ᠳᠤ ᠠᠯᠳᠠᠷᠰᠢᠪᠠ᠃ | ᠡᠷᠳᠡᠨᠢᠴᠡᠴᠡᠭ ᠤᠨ ᠣᠷᠠᠯᠠᠨ ᠬᠠᠳᠬᠤᠭᠰᠠᠨ ᠲᠠᠮᠠᠬᠢᠨ ᠬᠠᠪᠲᠠᠭ᠎ᠠ᠂ ᠬᠥᠬᠦᠷ ᠤᠨ ᠣᠭᠤᠲᠠ᠂ ᠵᠡᠭᠦᠪᠴᠢ᠂ ᠬᠠᠨᠵᠢᠶᠠᠷ | ᠂ ᠣᠣᠵᠢ᠂ ᠳᠠᠮᠠᠷᠤ ᠶᠢᠨ ᠵᠣᠳᠣᠪᠠᠩ᠂ ᠲᠡᠷᠡ ᠶᠢᠨ ᠴᠡᠴᠡᠭ ᠬᠤᠸᠠᠷ ᠨᠢ ᠨᠣᠲᠤᠭ ᠤᠨ ᠣᠨᠴᠠᠯᠢᠭ ᠲᠠᠢ᠂ ᠬᠡ | ᠣᠭᠠᠯᠵᠠ ᠨᠢ ᠣᠯᠠᠨ ᠶᠠᠩᠵᠤ ᠪᠠᠶᠢᠳᠠᠭ᠃ ᠲᠡᠷᠡ ᠨᠣᠲᠤᠭ ᠤᠨ ᠢᠶᠠᠨ ᠴᠡᠴᠡᠭ ᠬᠤᠸᠠᠷ ᠢ ᠠᠩᠬᠠᠷᠣᠨ ᠬᠠᠷᠠᠵᠤ᠂ | ᠣᠷᠠᠯᠠᠨ ᠵᠢᠷᠣᠵᠤ᠂ ᠬᠠᠳᠬᠤᠮᠠᠯ ᠤᠨ ᠢᠶᠠᠨ ᠡᠬᠡ ᠵᠢᠷᠤᠭ ᠪᠣᠯᠭᠠᠳᠠᠭ ᠠᠵᠢ᠃ ᠬᠤᠵᠢᠮ ᠨᠢ ᠰᠢᠷ᠎ᠠ ᠶᠢᠨ ᠱᠠᠰᠢᠨ ᠤ | ᠵᠠᠰᠠᠯ ᠵᠢᠮᠰᠡᠭ᠂ ᠯᠠᠮᠠ ᠬᠦᠮᠦᠨ ᠤ ᠡᠳ᠋ᠯᠡᠯ ᠬᠡᠷᠡᠭᠰᠡᠯ ᠢ ᠣᠶᠠᠵᠤ ᠬᠠᠳᠬᠤᠮᠠᠯ ᠬᠠᠳᠬᠤᠭᠰᠠᠨ ᠨᠢ ᠪᠦᠷᠢᠶᠠᠳ᠂ | ᠬᠥᠮᠪᠦᠮ ᠳᠤ ᠨᠡᠷ᠎ᠡ ᠠᠯᠳᠠᠷᠰᠢᠵᠠᠢ᠃ ᠸᠠᠩᠵᠠᠶᠢᠷᠠᠩᠭ᠎ᠠ ᠪᠣᠯ ᠯᠠᠮᠠ ᠬᠦᠮᠦᠨ ᠤ ᠲᠣᠯᠣᠭᠠᠢ ᠳᠠᠭᠠᠨ ᠵᠡᠭᠦᠳᠡᠭ ᠨᠠᠷᠢᠨ | ᠡᠳ᠋᠃ ᠨᠢᠭᠡ ᠸᠠᠩᠵᠠᠶᠢᠷᠠᠩᠭ᠎ᠠ ᠳᠡᠭᠡᠷ᠎ᠡ ᠳᠥᠴᠢ ᠭᠠᠷᠣᠢ ᠠᠮᠢᠲᠠᠨ᠂ ᠴᠡᠴᠡᠭ᠂ ᠬᠡ ᠣᠭᠠᠯᠵᠠ ᠬᠠᠳᠬᠤᠨ᠎ᠠ᠃ ᠨᠢᠭᠡ | ᠸᠠᠩᠵᠠᠶᠢᠷᠠᠩᠭ᠎ᠠ ᠶᠢ ᠣᠷᠠᠯᠠᠨ ᠬᠠᠳᠬᠤᠭᠰᠠᠨ ᠨᠢ ᠠᠷᠪᠠᠨ ᠠᠷᠰᠯᠠᠨ ᠲᠠᠪᠣᠨ ᠰᠢᠷᠡᠭᠡ ᠶᠢ ᠲᠣᠯᠣᠨ ᠵᠣᠭᠰᠣᠵᠤ | ᠰᠢᠷᠡᠭᠡᠨ ᠳᠡᠭᠡᠷ᠎ᠡ ᠠᠯᠲᠠᠨ ᠭᠡᠷᠡᠯ ᠰᠠᠴᠣᠷᠠᠭᠰᠠᠨ᠂ ᠰᠢᠷ᠎ᠠ ᠳᠡᠪᠡᠯ ᠣᠯᠠᠭᠠᠨ ᠣᠷᠬᠢᠮᠵᠢ ᠪᠥᠬᠦᠢ ᠪᠣᠷᠬᠠᠨ᠃ ᠪᠣᠷᠬᠠᠨ | ᠤ ᠲᠡᠷᠢᠭᠦᠨ ᠤ ᠬᠤᠶᠠᠷ ᠬᠠᠵᠠᠭᠤ ᠳᠤ ᠭᠠᠷᠣᠳᠢ ᠳᠡᠭᠦᠯᠢᠵᠦ ᠬᠥᠯ ᠳᠤ ᠮᠣᠭᠠᠢ ᠭᠤᠷᠪᠠᠯᠵᠢᠯᠠᠨᠠ᠃ ᠰᠢᠷᠡᠭᠡᠨ ᠤ ᠬᠡ | ᠣᠭᠠᠯᠵᠠ ᠣᠷᠠᠨ ᠨᠠᠷᠢᠨ᠂ ᠸᠠᠩᠵᠠᠶᠢᠷᠠᠩᠭ᠎ᠠ ᠶᠢᠨ ᠬᠡᠯᠪᠡᠷᠢ ᠨᠢ ᠲᠠᠪᠣᠨ ᠨᠠᠪᠴᠢ ᠪᠠᠷ ᠪᠦᠷᠢᠯᠳᠦᠭᠰᠡᠨ ᠮᠡᠲᠦ ᠳᠡᠭᠡᠭᠰᠢ | ᠪᠠᠨ ᠥᠷᠭᠡᠨ᠂ ᠳᠣᠷᠣᠭᠰᠢ ᠪᠠᠨ ᠨᠠᠷᠢᠨ ᠶᠣᠮ᠃ ᠰᠡᠭᠦᠯ ᠤᠨ ᠦᠶᠡᠰ ᠵᠢᠷᠣᠭᠴᠢᠨ ᠠᠭᠸᠠᠩ ᠤᠨ ᠣᠷᠠᠯᠠᠨ | ᠵᠢᠷᠣᠭᠰᠠᠨ ᠬᠤᠸᠠᠷ ᠴᠡᠴᠡᠭ᠂ ᠭᠡ ᠣᠭᠠᠯᠵᠠ ᠶᠢ ᠣᠷᠠᠯᠠᠳᠠᠭ ᠪᠣᠯᠪᠠ᠃ ᠵᠢᠷᠣᠭᠴᠢᠨ ᠠᠭᠸᠠᠩ ᠤᠨ ᠵᠢᠷᠣᠭᠰᠠᠨ | ᠸᠠᠩᠵᠠᠶᠢᠷᠠᠩᠭ᠎ᠠ ᠶᠢ ᠣᠷᠠᠯᠠᠨ ᠬᠠᠳᠬᠤᠭᠰᠠᠨ ᠨᠢ ᠵᠢᠷᠣᠭᠰᠠᠨ ᠲᠠᠢ ᠪᠠᠨ ᠨᠢᠭᠡ ᠯᠡ ᠠᠳᠠᠯᠢ᠃ ᠠᠮᠢᠳᠤ ᠪᠣᠷᠬᠠᠨ | ᠠᠷᠰᠯᠠᠨ ᠬᠥᠯᠦᠭᠯᠡᠨ ᠶᠠᠪᠣᠭ᠎ᠠ ᠰᠢᠭ᠋ ᠬᠠᠷᠠᠭᠳᠠᠵᠤ᠂ ᠬᠦᠮᠦᠰ ᠭᠠᠶᠢᠬᠠᠨ ᠮᠠᠭᠲᠠᠳᠠᠭ ᠪᠠᠶᠢᠵᠠᠢ᠃ ᠵᠢᠷᠣᠭᠴᠢᠨ ᠠᠭᠸᠠᠩ | ᠂ ᠣᠷᠠᠯᠠᠨ ᠬᠠᠳᠬᠤᠭᠰᠠᠨ ᠲᠠᠮᠠᠬᠢᠨ ᠬᠠᠪᠲᠠᠭ᠎ᠠ ᠶᠢ ᠶᠡᠭᠡ ᠯᠡ ᠣᠯᠵᠠᠷᠬᠠᠨ ᠠᠪᠴᠤ ᠬᠤᠵᠢᠮ ᠳᠡᠯᠭᠡᠨ ᠦᠵᠡᠭᠦᠯᠦᠯᠭᠡ | ᠳᠤ ᠲᠠᠯᠪᠢᠬᠤ ᠭᠡᠳ ᠬᠠᠳᠠᠭᠠᠯᠠᠵᠠᠢ᠃ | ᠡᠷᠳᠡᠨᠢᠴᠡᠴᠡᠭ᠂ 1990 ᠣᠨ ᠳᠤ ︽ᠴᠠᠬᠠᠷ ᠮᠣᠩᠭᠤᠯ ︵ᠳᠣᠣᠷᠠᠳᠤ︶︾ ᠬᠡᠮᠡᠬᠦ ᠨᠣᠮ ᠳᠤ | ᠲᠡᠮᠳᠡᠭᠯᠡᠭᠳᠡᠵᠡᠢ᠃ | ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃ | | | |