ᠤᠶᠣᠨᠪᠢᠯᠢᠭ᠌
ᠨᠡᠶᠢᠲᠡᠯᠡᠭᠰᠡᠨ ᠴᠠᠭ᠄
2020/3/12
           ᠣᠶᠣᠨᠪᠢᠯᠢᠭ᠌ ︵1898~1981︶᠂ ᠴᠠᠬᠠᠷ ᠤᠨ ᠭᠤᠷᠪᠠᠨ ᠬᠤᠰᠢᠭᠤ ᠳᠠᠷᠢᠭᠠᠩᠭ᠎ᠠ ᠦᠬᠡᠷ ᠬᠤᠨᠢᠨ ᠰᠦᠷᠦᠭ ᠤᠨ ᠬᠥᠪᠡᠭᠡᠲᠦ ᠰᠢᠷ᠎ᠠ ᠦᠬᠡᠷᠴᠢᠨ ᠤ ᠵᠣᠩᠳᠠ ᠣᠪᠣᠭ ᠤᠨ ᠶᠦᠩᠷᠦᠩ ᠤᠨ ᠭᠡᠷ ᠲᠤ ᠲᠥᠷᠦᠵᠡᠢ ᠃ ᠪᠠᠭ᠎ᠠ ᠶᠢᠨ ᠨᠡᠷ᠎ᠡ ᠶᠠᠨᠰᠠᠩ᠂ ᠰᠣᠷᠭᠠᠭᠤᠯᠢ ᠶᠢᠨ ᠨᠡᠷ᠎ᠡ ᠵᠣᠤ ᠴᠧᠩ ᠪᠢ᠂ ᠰᠡᠭᠦᠯ ᠳᠤᠨᠢ ᠮᠢᠩᠭᠠᠨ ᠬᠤᠰᠢᠭᠤᠨ  ᠳᠤ ᠬᠠᠷᠢᠶᠠᠯᠠᠭᠳᠠᠨ ᠭᠤᠷᠪᠠᠨ ᠭᠦᠯᠢᠶᠡᠭᠡᠨ ᠳᠥᠷᠪᠡᠨ ᠪᠠᠶᠢᠰᠢᠩ ᠣᠷᠴᠢᠮ ᠭᠠᠵᠠᠷ ᠲᠤ ᠢᠷᠡᠵᠦ ᠰᠠᠭᠤᠷᠢᠰᠢᠵᠠᠢ᠃ ᠪᠠᠭ᠎ᠠ ᠳᠠᠭᠠᠨ ᠭᠡᠷ ᠤᠨ ᠰᠣᠷᠭᠠᠭᠤᠯᠢ ᠳᠤ ᠮᠠᠨᠵᠤ ᠮᠣᠩᠭᠤᠯ ᠪᠢᠴᠢᠭ ᠰᠣᠷᠴᠠᠢ᠃ 1917~1928 ᠣᠨ ᠪᠣᠯᠲᠠᠯ᠎ᠠ ᠣᠷᠢᠳ ᠬᠤᠵᠢᠳ ᠴᠠᠬᠠᠷ ᠳᠣᠰᠬᠠᠢ ᠣᠷᠣᠨ ᠤ ᠦᠬᠡᠷ ᠬᠤᠨᠢᠨ ᠰᠦᠷᠦᠭ ᠤᠨ ᠠᠯᠪᠠᠨ ᠤ ᠪᠠᠭ᠎ᠠ ᠰᠣᠷᠭᠠᠭᠤᠯᠢ᠂ ᠴᠠᠬᠠᠷ ᠨᠠᠢᠮᠠᠨ ᠬᠤᠰᠢᠭᠤᠨ ᠤ ᠶᠠᠮᠣᠨ ᠨᠠᠭᠤᠷ ᠲᠠᠬᠢ ᠬᠤᠶᠠᠳᠣᠭᠠᠷ ᠪᠦᠷᠢᠨ ᠪᠠᠭ᠎ᠠ ᠰᠣᠷᠭᠠᠭᠤᠯᠢ᠂ ᠴᠠᠬᠠᠷ ᠮᠣᠵᠢ ᠶᠢᠨ ᠨᠢᠭᠡᠳᠦᠭᠡᠷ ᠪᠠᠭᠰᠢ ᠶᠢᠨ ᠰᠣᠷᠭᠠᠭᠤᠯᠢ ᠳᠤ ᠬᠤᠶᠠᠷ ᠵᠢᠯ ᠰᠣᠷᠣᠯᠴᠠᠵᠤ ᠰᠣᠷᠣᠯᠭ᠎ᠠ ᠲᠡᠭᠦᠰᠦᠭᠡᠳ ᠂ ᠪᠥᠭᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠲᠤ ᠬᠤᠪᠢ ᠶᠢᠨ ᠠᠶᠢᠯᠴᠢᠯᠠᠯᠲᠠ ᠬᠢᠵᠦ ᠪᠠᠶᠢᠴᠠᠭᠠᠨ ᠰᠣᠳᠣᠯᠵᠠᠢ᠃            1931 ᠣᠨ ᠳᠤ ᠣᠯᠣᠰ ᠲᠠᠭᠠᠨ ᠪᠣᠴᠠᠵᠤ ᠢᠷᠡᠭᠡᠳ ᠴᠠᠬᠠᠷ ᠮᠣᠵᠢ ᠶᠢᠨ ᠦᠬᠡᠷ ᠬᠤᠨᠢᠨ ᠰᠦᠷᠦᠭ ᠤᠨ ᠠᠯᠪᠠᠨ ᠤ ᠪᠠᠭ᠎ᠠ ᠰᠣᠷᠭᠠᠭᠤᠯᠢ ᠳᠤ ᠪᠠᠭᠰᠢᠯᠠᠵᠠᠢ᠃ 1931 ᠣᠨ ᠳᠤ ᠲᠣᠰ ᠰᠣᠷᠭᠠᠭᠤᠯᠢ ᠶᠢᠨ ᠵᠠᠬᠢᠷᠣᠯ ᠢᠶᠠᠷ ᠲᠡᠪᠰᠢᠭᠦᠯᠦᠭᠳᠡᠵᠦ᠂ ᠲᠣᠰ ᠰᠣᠷᠭᠠᠭᠤᠯᠢ ᠶᠢ ᠰᠡᠷᠭᠦᠭᠡᠨ ᠮᠠᠨᠳᠣᠭᠤᠯᠵᠤ᠂ ᠣᠷᠣᠨ ᠰᠠᠭᠤᠴᠠ ᠶᠢ ᠨᠢ ᠭᠤᠷᠪᠠᠨ ᠭᠦᠯᠢᠶᠡᠭᠡᠨ ᠳᠤ ᠨᠡᠭᠦᠯᠭᠡᠵᠦ᠂ ᠮᠣᠩᠭᠤᠯ ᠬᠢᠲᠠᠳ ᠬᠤᠶᠠᠷ ᠬᠡᠯᠡ ᠪᠠᠷ ᠬᠢᠴᠢᠶᠡᠯᠯᠡᠵᠦ ᠪᠠᠶᠢᠵᠠᠢ᠃            1934 ᠣᠨ ᠪᠣᠯᠬᠤ ᠳᠤ ᠬᠡᠳᠦᠨ ᠪᠥᠯᠦᠭ ᠠᠩᠬ᠎ᠠ ᠪᠠᠭ᠎ᠠ ᠶᠢᠨ ᠰᠣᠷᠣᠭᠴᠢ ᠶᠢ ᠬᠦᠮᠦᠵᠢᠭᠦᠯᠦᠨ ᠭᠠᠷᠭᠠᠭᠰᠠᠨ ᠪᠠᠶᠢᠨ᠎ᠠ᠃ ᠲᠣᠰ ᠰᠣᠷᠭᠠᠭᠤᠯᠢ ᠶᠢ ᠰᠡᠭᠦᠯᠡᠷ ᠨᠢ ᠪᠣᠱᠣᠣᠳᠠᠢ ᠶᠢᠨ ᠳᠣᠮᠳᠠᠳᠤ ᠰᠣᠷᠭᠠᠭᠤᠯᠢ ᠪᠣᠯᠭᠠᠵᠤ ᠥᠭᠡᠷᠡᠴᠢᠯᠡᠭᠰᠡᠨ ᠶᠣᠮ᠃            ᠣᠶᠣᠨᠪᠢᠯᠢᠭ᠌ ᠮᠣᠩᠭᠤᠯ ᠣᠯᠣᠰ ᠵᠡᠷᠭᠡ ᠭᠠᠵᠠᠷ ᠠᠴᠠ ᠴᠣᠭᠯᠠᠭᠤᠯᠣᠭᠰᠠᠨ ᠮᠠᠲ᠋ᠧᠷᠢᠶᠠᠯ ᠢᠶᠠᠨ ᠦᠨᠳᠦᠰᠦᠯᠡᠨ ᠮᠣᠩᠭᠤᠯ ᠦᠰᠦᠭ ᠤᠨ ᠴᠠᠭᠠᠨ ᠲᠣᠯᠣᠭᠠᠢ ᠶᠢ ᠳᠠᠬᠢᠨ ᠨᠠᠶᠢᠷᠠᠭᠤᠯᠵᠤ ᠵᠢᠭᠠᠭᠰᠠᠨ ᠨᠢ ᠬᠤᠵᠢᠮ ᠴᠢᠯᠠᠭᠤᠨ ᠪᠠᠷ ᠢᠶᠠᠷ ᠬᠡᠪᠯᠡᠭᠳᠡᠨ ᠳᠠᠷᠬᠠᠭᠠᠭᠳᠠᠵᠤ ︽ᠣᠶᠣᠨᠪᠢᠯᠢᠭ᠌ ᠤᠨ ᠴᠠᠭᠠᠨ ᠲᠣᠯᠣᠭᠠᠢ︾ ᠬᠡᠮᠡᠨ ᠠᠯᠳᠠᠷᠰᠢᠪᠠ᠃            1934 ᠣᠨ ᠳᠤ ᠵᠣᠳᠪᠠᠵᠠᠪ ᠠᠮᠪᠠᠨ ᠤ ᠲᠣᠮᠢᠯᠠᠯᠲᠠ ᠪᠠᠷ ᠦᠬᠡᠷᠴᠢᠨ ᠬᠤᠨᠢᠴᠢᠨ ᠤ ᠬᠠᠳᠠᠨᠬᠤᠰᠢᠭᠤ ᠳᠤ ᠪᠠᠶᠢᠭᠤᠯᠣᠭᠰᠠᠨ ᠰᠢᠭᠦᠨ ᠳᠠᠰᠣᠯᠬᠤ ᠭᠠᠵᠠᠷ ᠲᠤ ᠬᠤᠷᠠᠩᠲᠠ ᠵᠡᠷᠭᠡ ᠲᠠᠢ ᠰᠢᠭᠦᠭᠴᠢ ᠨᠣᠶᠠᠨ ᠪᠣᠯᠪᠠ᠂ ᠢᠩᠭᠢᠭᠡᠳ ᠰᠣᠷᠭᠠᠨ ᠬᠦᠮᠦᠵᠢᠯ ᠢ ᠪᠣᠯᠢᠵᠤ ᠰᠣᠷᠭᠠᠭᠤᠯᠢ ᠠᠴᠠ ᠪᠠᠨ ᠰᠠᠯᠵᠣ᠂ ᠬᠠᠣᠯᠢ ᠶᠢᠨ ᠰᠢᠭᠦᠭᠴᠢ ᠪᠣᠯᠣᠭᠰᠠᠨ ᠪᠣᠯᠪᠠᠴᠤ᠂ ᠬᠢᠬᠦ ᠲᠣᠩ ᠳᠣᠷ᠎ᠠ ᠦᠭᠡᠢ ᠪᠠᠶᠢᠭᠰᠠᠨ ᠪᠣᠯᠬᠤᠷ ᠳᠡᠮᠡᠢ ᠣᠳᠠᠭᠰᠠᠨ ᠦᠭᠡᠢ ᠡᠭᠦᠨ ᠠᠴᠠ  ᠪᠠᠨ ᠰᠠᠯᠵᠤ ᠶᠠᠪᠣᠵᠠᠢ᠃            ᠣᠶᠣᠨᠪᠢᠯᠢᠭ᠌ ᠪᠣᠯ ᠰᠣᠷᠭᠠᠨ ᠬᠦᠮᠦᠵᠢᠯ ᠤᠨ ᠠᠬᠠᠮᠠᠳ ᠵᠢᠳᠬᠦᠯᠲᠡᠨ᠂ ᠬᠡᠯᠡ ᠪᠢᠴᠢᠭ ᠤᠨ ᠤᠬᠠᠭᠠᠨ  ᠤ ᠡᠷᠳᠡᠮᠲᠡᠨ᠂ ᠬᠡᠪᠯᠡᠯ ᠤᠨ ᠠᠵᠢᠯᠲᠠᠨ ᠶᠣᠮ᠃ ᠲᠡᠷᠡ ᠮᠣᠩᠭᠤᠯ ᠣᠯᠣᠰ ᠤᠨ ᠬᠡᠯᠡ ᠶᠢ ᠦᠨᠳᠦᠰᠦᠯᠡᠨ᠂ ᠰᠣᠷᠬᠤ  ᠳᠤ ᠳᠥᠭᠦᠮ ᠲᠥᠳᠡ ᠮᠣᠩᠭᠤᠯ ᠬᠡᠦᠬᠡᠳ ᠤᠨ ᠰᠣᠷᠬᠤ ᠴᠠᠭᠠᠨ ᠲᠣᠯᠣᠭᠠᠢ ᠪᠣᠯᠭᠠᠨ ᠨᠠᠶᠢᠷᠠᠭᠤᠯᠪᠠ᠃ ᠰᠡᠭᠦᠯ ᠳᠤᠨᠢ ︽ᠣᠶᠣᠨᠪᠢᠯᠢᠭ᠌ ᠤᠨ ᠴᠠᠭᠠᠨ ᠲᠣᠯᠣᠭᠠᠢ︾ ᠭᠡᠵᠦ ᠨᠡᠷᠡᠰᠢᠭᠰᠡᠨ ᠪᠥᠭᠡᠳ ᠣᠣᠯ ᠳᠡᠪᠲᠡᠷ ᠢ ᠥᠪᠦᠷ ᠮᠣᠩᠭᠤᠯ ᠤᠨ ᠮᠦᠽᠸᠢ ᠳᠤ ᠬᠠᠳᠠᠭᠠᠯᠠᠵᠤ ᠪᠠᠶᠢᠨ᠎ᠠ᠃ ᠬᠠᠭᠤᠯᠣᠮᠠᠯ ︽ᠴᠠᠭᠠᠨ ᠲᠣᠯᠣᠭᠠᠢ︾ ᠨᠢ ᠰᠢᠯᠣᠭᠤᠨ ᠬᠥᠬᠡ ᠬᠤᠰᠢᠭᠤᠨ ᠤ ︽ᠨᠡᠷᠡᠲᠦ ᠴᠣᠣᠲᠤ︾ ᠶᠢᠨ ᠮᠠᠲ᠋ᠧᠷᠢᠶᠠᠯ ᠳᠤ ᠨᠢᠭᠡ ᠬᠤᠪᠢ ᠪᠠᠶᠢᠬᠤ ᠪᠥᠭᠡᠳ ᠰᠢᠯᠣᠭᠤᠨ ᠬᠥᠬᠡ ᠬᠤᠰᠢᠭᠤᠨ ᠤ ︽ᠰᠣᠷᠭᠠᠨ ᠬᠦᠮᠦᠵᠢᠯ ᠤᠨ ᠣᠶᠢᠯᠠᠯᠭ᠎ᠠ︾ ᠶᠢᠨ 130~137 ᠨᠢᠭᠤᠷ ᠲᠤ ᠨᠡᠶᠢᠲᠡᠯᠡᠭᠳᠡᠭᠰᠡᠨ ᠪᠠᠶᠢᠨ᠎ᠠ ︵ᠳᠣᠮᠳᠠᠳᠤ ᠢᠷᠭᠡᠨ ᠣᠯᠣᠰ ᠤᠨ ᠬᠤᠷᠢᠨ ᠬᠤᠶᠠᠳᠣᠭᠠᠷ ᠣᠨ ᠤ ᠭᠤᠷᠪᠠᠨ ᠰᠠᠷ᠎ᠠ ᠶᠢᠨ ᠭᠤᠷᠪᠠᠨ᠎ᠠ ᠣᠶᠣᠨᠪᠢᠯᠢᠭ᠌ ᠪᠢᠴᠢᠪᠡᠢ︶᠃ ᠣᠶᠣᠨᠪᠢᠯᠢᠭ᠌ ᠤᠨ ᠴᠠᠭᠠᠨ ᠲᠣᠯᠣᠭᠠᠢ ᠠᠴᠠ ᠡᠮᠦᠨ᠎ᠡ ᠪᠥᠷ ᠮᠠᠨᠵᠤ ᠦᠰᠦᠭ ᠤᠨ ᠴᠠᠭᠠᠨ ᠲᠣᠯᠣᠭᠠᠢ ᠶᠢ ᠬᠡᠷᠡᠭᠯᠡᠵᠦ ᠪᠠᠶᠢᠭᠰᠠᠨ ᠶᠣᠮ᠃             ᠣᠶᠣᠨᠪᠢᠯᠢᠭ᠌ ᠪᠠᠰᠠ ᠰᠠᠶᠢᠨ ᠣᠷᠴᠢᠭᠤᠯᠣᠭᠴᠢ ᠪᠠᠶᠢᠯ᠎ᠠ᠃ ᠨᠢᠮᠬᠤᠳᠰᠣᠷ ᠴᠢᠭᠤᠯᠣᠯᠲᠤ ᠬᠠᠭᠠᠯᠭ᠎ᠠ  ᠳᠠᠬᠢ ᠭᠡᠷᠡᠯᠲᠦ ᠪᠢᠴᠢᠭ ᠤᠨ ᠬᠤᠷᠢᠶ᠎ᠠ ᠶᠢ ᠬᠠᠷᠢᠭᠤᠴᠠᠵᠤ ᠪᠠᠶᠢᠬᠤ ᠦᠶ᠎ᠡ ᠳᠡᠭᠡᠨ ᠣᠶᠣᠨᠪᠢᠯᠢᠭ᠌ ᠢ ᠨᠠᠶᠢᠷᠠᠭᠤᠯᠵᠤ ᠣᠷᠴᠢᠭᠤᠯᠬᠤ ᠠᠵᠢᠯ ᠳᠤ ᠣᠷᠢᠨ ᠵᠠᠯᠠᠵᠤ ᠬᠡᠳᠦ ᠬᠡᠳᠦᠨ ᠬᠢᠲᠠᠳ ᠪᠢᠴᠢᠭ ᠣᠷᠴᠢᠭᠤᠯᠣᠭᠤᠯᠣᠭᠰᠠᠨ ᠪᠠᠶᠢᠪᠠ᠃ ᠵᠢᠱᠢᠶᠡᠯᠡᠪᠡᠯ᠄ ︽ᠬᠢᠲᠠᠳ ᠪᠢᠴᠢᠭ ᠤᠨ ᠳᠥᠭᠦᠮ ᠲᠣᠯᠢ︾ ︵普通字典︶ ᠶᠢ ᠣᠶᠣᠨᠪᠢᠯᠢᠭ᠌ ᠭᠠᠭᠴᠠᠭᠠᠷ  ᠢᠶᠠᠨ ᠣᠷᠴᠢᠭᠤᠯᠪᠠ᠃ ᠪᠠᠰᠠ ︽ᠮᠠᠨᠵᠤ ᠳᠥᠷᠪᠡᠨ ᠪᠢᠴᠢᠭ︾᠂ ︽ᠠᠴᠢᠯᠠᠯᠲᠤ ᠨᠣᠮ︾᠂  ︽ᠪᠣᠭᠳᠠ ᠶᠢᠨ ᠰᠣᠷᠭᠠᠯ︾᠂ ︽ᠳᠥᠷᠪᠡᠨ ᠦᠨᠳᠦᠰᠦ︾᠂ ︽ᠪᠠᠭ᠎ᠠ ᠰᠣᠷᠲᠠᠬᠤᠢ︾᠂ ︽ᠰᠢᠨ ᠾᠧ ᠪᠢᠶᠠᠨ ᠯᠠᠨ︾᠂ ︽ᠮᠸᠡ ᠸᠧᠨ ᠬᠤᠢ ᠱᠤ᠋︾᠂ ︽ᠮᠠᠨᠵᠤ ᠬᠢᠲᠠᠳ ᠬᠠᠲᠠᠮᠠᠯ ᠲᠣᠯᠢ︾ ︵文海︶ ᠵᠡᠷᠭᠡ ᠪᠢᠴᠢᠭ ᠤᠨ ᠣᠷᠴᠢᠭᠤᠯᠭ᠎ᠠ ᠳᠤ ᠣᠷᠣᠯᠴᠠᠭᠰᠨ ᠪᠠᠶᠢᠨ᠎ᠠ᠃             ᠣᠶᠣᠨᠪᠢᠯᠢᠭ᠌ ᠪᠣᠯ ᠣᠯᠠᠨ ᠴᠢᠳᠠᠪᠣᠷᠢᠲᠠᠢ ᠰᠡᠷᠭᠦᠯᠡᠩ ᠬᠦᠮᠦᠨ ᠪᠥᠭᠡᠳ ᠰᠠᠶᠢᠨ ᠬᠥᠭᠵᠢᠮᠴᠢᠨ ᠪᠠᠶᠢᠯ᠎ᠠ᠃ ᠮᠣᠩᠭᠤᠯ ᠦᠨᠳᠦᠰᠦᠲᠡᠨ ᠤ ᠦᠯᠢᠶᠡᠭᠦᠷ ᠬᠥᠭᠵᠢᠮ᠂ ᠬᠢᠷᠦᠭᠡᠳᠡᠭᠦᠷ ᠬᠥᠭᠵᠢᠮ᠂ ᠱᠣᠳᠣᠷᠭᠤ ᠬᠥᠭᠵᠢᠮ ᠵᠡᠷᠭᠡ ᠶᠢ ᠲᠣᠩ ᠰᠠᠶᠢᠬᠠᠨ ᠬᠥᠭᠵᠢᠮᠳᠡᠵᠦ ᠴᠢᠳᠠᠳᠠᠭ᠃ ᠢᠯᠠᠩᠭᠤᠶ᠎ᠠ ᠱᠠᠨᠵᠠ ᠶᠢ ᠭᠠᠶᠢᠬᠠᠯᠲᠠᠢ ᠰᠠᠶᠢᠬᠠᠨ ᠳᠡᠯᠡᠳᠳᠡᠭ ᠪᠠᠶᠢᠵᠠᠢ᠃            1935 ᠣᠨ ᠳᠤ᠂ ᠶᠠᠫᠣᠨ ᠴᠠᠬᠠᠷ ᠨᠣᠲᠤᠭ ᠢ ᠲᠥᠷᠢᠮᠡᠬᠡᠶᠢᠯᠡᠬᠦ ᠳᠤ ᠣᠶᠣᠨᠪᠢᠯᠢᠭ᠌ ᠨᠠᠨᠵᠢᠩ ᠳᠤ ᠣᠴᠢᠵᠠᠢ᠃ ᠲᠡᠷᠡ ᠣᠷᠢᠳ ᠬᠤᠵᠢᠳ ᠳᠣᠮᠳᠠᠳᠤ ᠢᠷᠭᠡᠨ ᠣᠯᠣᠰ ᠤᠨ ᠠᠩᠬᠠᠳᠣᠭᠠᠷ ᠬᠤᠭᠤᠴᠠᠭᠠᠨ ᠤ ᠶᠡᠭᠡ ᠬᠤᠷᠠᠯ ᠤᠨ ᠲᠥᠯᠦᠭᠡᠯᠡᠭᠴᠢ᠂ ᠮᠣᠩᠭᠤᠯ ᠮᠣᠵᠢ ᠶᠢᠨ ᠲᠥᠯᠦᠭᠡᠯᠡᠭᠴᠢ᠂ ᠮᠣᠩᠭᠤᠯ ᠰᠣᠶᠢᠶᠣᠸᠠᠨ ᠤ ᠭᠤᠮᠢᠨᠳᠠᠩ ᠤᠨ ᠮᠧᠩ ᠰᠦᠢ ᠶᠢᠨ ᠳ᠋ᠠᠩᠪᠦ᠋ ᠶᠢᠨ ᠱᠦᠵᠢ᠂ ᠭᠤᠮᠢᠨᠳᠠᠩ ᠤᠨ ᠵᠢᠶᠠᠩ ᠵᠢᠶᠧ ᠱᠢ᠂ ᠹᠦ᠋ ᠽᠦᠸᠧ ᠢ ᠲᠠᠢ ᠦᠷᠭᠦᠯᠵᠢ ᠠᠭᠤᠯᠵᠠᠵᠤ ᠲᠡᠭᠦᠨ ᠤ ᠳᠣᠣᠷ᠎ᠠ ᠰᠢᠭᠤᠳ ᠠᠯᠪᠠ ᠭᠦᠢᠴᠡᠳᠭᠡᠵᠦ ᠪᠠᠶᠢᠭᠰᠠᠨ ᠶᠣᠮ ᠭᠡᠨ᠎ᠡ᠃            1948 ᠣᠨ ᠳᠤ ᠴᠢᠭᠤᠯᠣᠯᠲᠤ ᠬᠠᠭᠠᠯᠭ᠎ᠠ ᠬᠤᠲᠠ ᠶᠢ ᠴᠢᠯᠦᠭᠡᠯᠡᠬᠦ ᠦᠶᠡᠰ ᠰᠢᠨ ᠪᠣᠤ ᠶᠢᠨ ᠤ ᠳᠠᠶᠢᠨ ᠤ ᠲᠠᠯᠠᠪᠠᠢ ᠳᠤ ᠨᠠᠢᠮᠠᠨ ᠵᠠᠮ ᠤᠨ ᠴᠡᠷᠢᠭ ᠲᠤ ᠣᠯᠵᠠᠯᠠᠭᠳᠠᠵᠤ ᠳᠠᠶᠢᠨ ᠤ ᠶᠠᠯᠠᠲᠠᠨ ᠢᠶᠠᠷ ᠪᠠᠷᠢᠭᠳᠠᠪᠠ᠃ 1975 ᠣᠨ ᠳᠤ᠂ ᠵᠠᠰᠠᠭ ᠤᠨ ᠣᠷᠳᠣᠨ ᠤ ︽ᠣᠨᠴᠠ ᠠᠭᠤᠴᠢᠯᠠᠬᠤ︾ ᠵᠠᠷᠯᠢᠭ ᠢᠶᠠᠷ ᠲᠡᠭᠦᠨ ᠢ ᠲᠠᠯᠪᠢᠨ ᠭᠠᠷᠭᠠᠵᠠᠢ᠃            1981 ᠣᠨ ᠤ 5 ᠰᠠᠷ᠎ᠠ ᠳᠤ ᠬᠥᠬᠡᠬᠤᠲᠠ ᠳᠤ ᠡᠪᠡᠳᠴᠢᠨ ᠢᠶᠠᠷ ᠨᠠᠰᠤ ᠪᠠᠷᠠᠪᠠ᠃            ᠣᠶᠣᠨᠪᠢᠯᠢᠭ᠌᠂ 2004 ᠣᠨ ᠳᠤ ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ  ︾᠂ 2007 ᠣᠨ ᠳᠤ ︽ᠰᠢᠯᠣᠭᠤᠨ ᠬᠥᠬᠡ ᠬᠤᠰᠢᠭᠤᠨ ᠤ ᠰᠣᠷᠭᠠᠨ ᠬᠦᠮᠦᠵᠢᠯ ᠤᠨ ᠣᠶᠢᠯᠠᠯᠭ᠎ᠠ︾᠂ 2008 ᠣᠨ  ᠳᠤ ︽ᠴᠠᠬᠠᠷ ᠤᠨ ᠰᠣᠶᠣᠯ ᠲᠡᠦᠬᠡ ᠶᠢᠨ ᠰᠢᠵᠢᠷ ᠬᠠᠭᠤᠳᠠᠰᠤ︾ ᠬᠡᠮᠡᠬᠦ ᠨᠣᠮ ᠳᠤ ᠲᠡᠮᠳᠡᠭᠯᠡᠭᠳᠡᠵᠡᠢ᠃ ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠰᠠᠶᠢᠷᠡᠭᠦᠯᠪᠡ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号