ᠭᠤᠯᠢᠮᠣᠩᠰᠧ
ᠨᠡᠶᠢᠲᠡᠯᠡᠭᠰᠡᠨ ᠴᠠᠭ᠄
2020/3/13
                     ᠭᠤᠯᠢᠮᠣᠩᠰᠧ ︵1903~1964︶ ᠣᠨ᠂ ᠬᠥᠬᠡ ᠯᠣᠤ ᠵᠢᠯ ᠳᠤ ᠬᠠᠷ᠎ᠠ ᠪᠠᠯᠭᠠᠰᠤ᠂ ᠣᠳᠤ  ᠶᠢᠨ ᠵᠠᠩᠪᠸᠢ ︵张北︶ ᠶᠢᠨ ᠪᠠᠷᠠᠭᠤᠨᠲᠠᠢ ᠪᠠᠶᠢᠬᠤ ᠠᠩᠭᠠᠯ ᠴᠠᠭᠠᠨ ᠨᠠᠭᠤᠷ ᠤᠨ ᠡᠮᠦᠨ᠎ᠡ ᠨᠣᠲᠣᠭᠰᠢᠵᠤ ᠪᠠᠶᠢᠭᠰᠠᠨ ᠭᠦᠯᠦ ᠬᠥᠬᠡ ᠰᠢᠷ᠎ᠠ ᠦᠬᠡᠷᠴᠢᠨ ᠳᠠᠷᠠᠰᠤᠨ ᠠᠶᠢᠯ ᠤᠨ ᠮᠠᠯᠴᠢᠨ ᠭᠡᠰᠢᠭᠪᠦᠨᠢᠶ᠎ᠠ ᠶᠢᠨ ᠭᠤᠷᠪᠠᠳᠣᠭᠠᠷ ᠬᠥᠪᠡᠭᠦᠨ ᠪᠣᠯᠣᠨ ᠲᠥᠷᠦᠵᠡᠢ᠃ ᠬᠤᠶᠠᠷ ᠨᠠᠰᠣᠲᠠᠢ ᠳᠠᠭᠠᠨ ᠵᠡᠷᠭᠡᠯᠡᠳᠡᠭᠡ ᠰᠠᠭᠤᠷᠢᠰᠢᠵᠤ ᠪᠠᠶᠢᠭᠰᠠᠨ ᠲᠠᠶᠢᠹᠦᠰᠧ ᠪᠠᠷᠠᠭᠤᠨ ᠭᠠᠷ ᠤᠨ ᠠᠭᠲᠠᠨ ᠠᠶᠢᠯ ᠤᠨ ᠰᠠᠶᠢᠹᠣᠩᠭ᠎ᠠ᠂ ᠬᠤᠰᠠᠢ ᠳ᠋ᠠ ᠶᠢᠨ ᠳᠤ ᠦᠷᠡᠴᠢᠯᠡᠭᠳᠡᠪᠡ᠃ 1910 ᠣᠨ  ᠳᠤ ᠲᠡᠷᠢᠶᠡᠯᠡᠩ ᠳᠤ ᠰᠢᠬᠠᠭᠳᠠᠨ ᠴᠠᠭ ᠲᠥᠷᠦ ᠶᠢᠨ ᠰᠠᠮᠠᠭᠤᠨ ᠠᠴᠠ ᠪᠣᠯᠵᠤ ᠠᠭᠲᠠᠨ ᠰᠦᠷᠦᠭ ᠵᠡᠭᠦᠨᠰᠢ ᠨᠡᠭᠦᠵᠦ ᠭᠡᠭᠦᠴᠢᠨ ᠳᠥᠷᠪᠡᠨ ᠬᠤᠰᠢᠭᠤᠨ ᠤ ᠣᠶᠢᠷ᠎ᠠ᠂ ᠣᠳᠤ ᠶᠢᠨ ᠪᠠᠶᠠᠩᠭᠤᠣᠯ ᠭᠠᠴᠠᠭᠠᠨ ᠳᠤ ᠢᠷᠡᠵᠦ ᠨᠣᠲᠣᠭᠰᠢᠪᠠ᠃            ᠭᠤᠯᠢᠮᠣᠩᠰᠧ ᠶᠢᠨ ᠲᠡᠵᠢᠭᠡᠭᠰᠡᠨ ᠡᠵᠢ ᠮᠠᠨᠳᠠᠷᠠᠸ᠎ᠠ ᠣᠬᠠᠭᠠᠨ ᠪᠣᠳᠣᠯ ᠲᠠᠢ᠂ ᠬᠤᠯᠠ ᠶᠢᠨ ᠬᠠᠷᠠᠴᠠ  ᠲᠠᠢ ᠬᠦᠮᠦᠨ ᠪᠠᠶᠢᠭᠰᠠᠨ ᠠᠴᠠ ᠭᠡᠷ ᠲᠡᠭᠡᠨ ᠬᠢᠲᠠᠳ ᠪᠠᠭᠰᠢ ᠵᠠᠯᠠᠵᠤ ᠭᠤᠯᠢᠮᠣᠩᠰᠧ ᠳᠤ ᠪᠢᠴᠢᠭ ᠵᠢᠭᠠᠯᠭᠠᠪᠠ᠃            1916 ᠣᠨ ᠳᠤ ᠲᠠᠶᠢᠹᠣᠰᠧ ᠪᠠᠷᠠᠭᠤᠨ ᠭᠠᠷ ᠤᠨ ᠲᠥᠪ ᠮᠠᠯᠣᠷᠲᠤ ᠶᠢᠨ ᠰᠦᠮ᠎ᠡ ᠳᠠᠬᠢ ᠳᠣᠭᠲᠣᠮ ᠵᠡᠷᠭᠡ ᠶᠢᠨ ᠪᠠᠭ᠎ᠠ ᠰᠣᠷᠭᠠᠭᠤᠯᠢ ᠳᠤ ᠪᠢᠴᠢᠭ ᠦᠵᠡᠵᠦ ᠲᠡᠭᠦᠰᠦᠭᠡᠳ ᠭᠦᠸᠧ ᠺᠦᠢ ᠶᠣᠸᠠᠨ ︵郭魁元᠂ ᠳᠣᠮᠳᠠᠳᠤ ᠢᠷᠭᠡᠨ ᠣᠯᠣᠰ ᠤᠨ ᠦᠶ᠎ᠡ ᠳᠤ ᠮᠣᠩᠭᠤᠯ ᠰᠣᠷᠭᠠᠭᠤᠯᠢ ᠳᠤ ᠬᠢᠲᠠᠳ ᠵᠠᠬᠢᠷᠣᠯ ᠲᠣᠮᠢᠯᠠᠵᠤ ᠮᠣᠩᠭᠤᠯ ᠬᠡᠦᠬᠡᠳ ᠳᠤ ᠪᠦᠷ ᠬᠢᠲᠠᠳ ᠨᠡᠷ᠎ᠡ ᠥᠭᠳᠡᠭ ᠶᠤᠮ︶ ᠭᠡᠳᠡᠭ ᠬᠢᠲᠠᠳ ᠨᠡᠷ᠎ᠡ ᠠᠪᠣᠨ᠂ 1923 ᠣᠨ ᠳᠤ ᠴᠠᠬᠠᠷ ᠳᠣᠰᠬᠠᠢ ᠣᠷᠣᠨ ᠠᠴᠠ ᠪᠠᠶᠢᠭᠤᠯᠣᠭᠰᠠᠨ ᠴᠢᠭᠤᠯᠣᠯᠲᠤ ᠬᠠᠭᠠᠯᠭ᠎ᠠ ᠳᠠᠬᠢ ᠪᠠᠭᠰᠢ ᠶᠢᠨ ᠰᠣᠷᠭᠠᠭᠤᠯᠢ ᠳᠤ ᠳᠠᠪᠰᠢᠨ ᠰᠣᠷᠣᠯᠴᠠᠵᠤ ᠮᠠᠨᠵᠤ᠂ ᠮᠣᠩᠭᠤᠯ᠂ ᠬᠢᠲᠠᠳ ᠪᠢᠴᠢᠭ ᠲᠤ ᠨᠡᠪᠲᠡᠷᠬᠡᠢ ᠪᠣᠯᠵᠠᠢ᠃ 1927 ᠣᠨ ᠳᠤ ᠬᠤᠰᠢᠭᠤᠨ  ᠳᠠᠭᠠᠨ ᠬᠠᠷᠢᠵᠤ ᠢᠷᠡᠨ ᠠᠳᠣᠭᠤ ᠴᠠᠭᠳᠠᠬᠤ ᠪᠠ ᠠᠮᠣᠷ ᠢ ᠬᠠᠮᠠᠭᠠᠯᠠᠬᠤ ᠴᠡᠷᠢᠭ ᠠᠩᠭᠢ ᠶᠢᠨ ᠳᠠᠷᠤᠭ᠎ᠠ ᠪᠠᠷ ᠠᠵᠢᠯᠯᠠᠪᠠ᠃ ᠭᠤᠯᠢᠮᠣᠩᠰᠧ ᠶᠢᠨ ᠶᠡᠭᠡ ᠪᠥᠰᠡᠭᠦᠢ ᠮᠠᠨᠳᠠᠷ ᠭᠡᠰᠡᠨ ᠬᠦᠮᠦᠨ ᠪᠠᠶᠢᠵᠠᠢ᠃ ᠲᠡᠷᠡ ᠪᠠᠷ ᠲᠠᠶᠢᠹᠣᠰᠧ ᠪᠠᠷᠠᠭᠤᠨ ᠭᠠᠷᠣᠨ ᠠᠷᠠᠳ ᠣᠯᠠᠨ ᠬᠤᠯᠠᠭᠠᠢ ᠳᠡᠪᠵᠢᠶᠡᠨ ᠠᠴᠠ ᠳᠣᠲᠠᠭᠠᠵᠤ᠂ ᠥᠨᠥᠳᠦᠷ ᠡᠮᠦᠨ᠎ᠡ ᠠᠭᠤᠯᠠ ᠶᠢᠨ ᠭᠤᠤ᠂ ᠮᠠᠷᠭᠠᠰᠢ ᠬᠤᠶᠢᠲᠤ ᠠᠭᠤᠯᠠ ᠶᠢᠨ ᠭᠤᠤ ᠳᠤ ᠬᠤᠨᠤᠭ ᠥᠩᠭᠡᠷᠡᠵᠦ ᠪᠠᠶᠢᠭᠰᠠᠨ ᠦᠶ᠎ᠡ ᠳᠤ᠂ ᠬᠤᠯᠠᠭᠠᠢ ᠳᠡᠭᠡᠷᠡᠮ ᠳᠤ ᠵᠠᠮᠴᠢᠯᠠᠳᠠᠭ ᠭᠦᠯᠦ ᠰᠢᠷ᠎ᠠ ᠶᠢᠨ ᠬᠤᠰᠠᠢ ᠪᠠᠶᠢᠭᠰᠠᠨ ᠠᠯᠲᠠᠨᠬᠤᠶᠠᠭ ᠢ ᠪᠠᠷᠢᠪᠴᠢᠯᠠᠨ ᠳᠣᠲᠣᠷ ᠵᠣᠷᠭᠠᠨ  ᠳᠤ ᠵᠠᠭᠠᠯᠳᠣᠵᠤ ᠴᠠᠭᠠᠵᠠ ᠪᠠᠷ ᠰᠢᠢᠳᠭᠡᠭᠦᠯᠵᠦ ᠠᠷᠠᠳ ᠤᠨ ᠬᠦᠷᠢᠶᠡᠯᠡᠯ ᠢ ᠣᠯᠪᠠ᠃            1930 ᠣᠨ ᠳᠤ ᠭᠤᠯᠢᠮᠣᠩᠰᠧ ᠠᠭᠲᠠᠨ ᠰᠦᠷᠦᠭ ᠤᠨ ᠠᠷᠠᠬᠤ ᠬᠤᠰᠠᠢ ᠳ᠋ᠠ ︵会协领︶  ᠶᠢᠨ ᠳᠣᠰᠢᠶᠠᠯ ᠢ ᠡᠭᠦᠷᠭᠡᠯᠡᠪᠡ᠃            ᠶᠠᠫᠣᠨ ᠣᠷᠣᠵᠤ ᠢᠷᠡᠭᠰᠡᠨ ᠤ ᠳᠠᠷᠠᠭ᠎ᠠ ︵1936 ᠣᠨ ᠤ 1 ᠰᠠᠷ᠎ᠠ︶ ᠵᠠᠩᠪᠸᠢ ᠳᠤ ᠳᠡᠮᠴᠣᠭ᠍ᠳᠣᠩᠷᠣᠪ ᠤᠨ ᠣᠳᠣᠷᠢᠳᠣᠯᠭ᠎ᠠ ᠳᠣᠣᠷᠠᠬᠢ ᠴᠠᠬᠠᠷ ᠴᠢᠭᠤᠯᠭᠠᠨ ᠪᠠᠶᠢᠭᠤᠯᠣᠭᠳᠠᠵᠤ ᠣᠯᠠᠨ ᠬᠤᠰᠢᠭᠤᠳ ᠤᠨ ᠠᠳᠣᠭᠤ ᠴᠠᠭᠳᠠᠬᠤ ᠪᠠ ᠠᠮᠣᠷ ᠢ ᠬᠠᠮᠠᠭᠠᠯᠠᠬᠤ ᠴᠡᠷᠢᠭ ᠢ ᠨᠢᠭᠡᠳᠦᠯᠲᠡᠢ ᠪᠠᠷ ᠠᠮᠣᠷ ᠢ ᠬᠠᠮᠠᠭᠠᠯᠠᠬᠤ ᠠᠩᠭᠢ ︵保安队︶ ᠪᠣᠯᠭᠠᠨ ᠥᠭᠡᠷᠡᠴᠢᠯᠡᠵᠦ᠂ ᠠᠷᠤ ᠶᠢᠨ ᠶᠢᠰᠦᠨ ᠰᠢᠶᠠᠨ ᠳᠤ ᠰᠢᠯᠵᠢᠭᠦᠯᠦᠨ ᠰᠠᠭᠤᠯᠭᠠᠭᠰᠠᠨ ᠶᠣᠮ᠃ ᠲᠠᠶᠢᠹᠣᠰᠧ ᠪᠠᠷᠠᠭᠤᠨ ᠭᠠᠷᠣᠨ ᠴᠡᠷᠢᠭ ᠠᠩᠭᠢ ᠶᠢ ᠴᠦᠩ ᠯᠢ ︵崇礼︶ ᠰᠢᠶᠠᠨ ᠳᠤ ᠰᠠᠭᠤᠯᠭᠠᠵᠤ᠂ ᠭᠤᠯᠢᠮᠣᠩᠰᠧ ᠠᠩᠭᠢ ᠶᠢᠨ ᠳᠠᠷᠤᠭ᠎ᠠ ᠪᠣᠯᠪᠠ᠃ ᠬᠠᠷᠢ ᠶᠢᠨ ᠭᠠᠷ ᠲᠤ ᠣᠷᠣᠭᠰᠠᠨ ᠴᠦ ᠡᠷᠳᠡᠮ ᠪᠢᠴᠢᠭ ᠲᠠᠢ ᠠᠷᠭ᠎ᠠ ᠰᠠᠮᠪᠠᠭ᠎ᠠ ᠲᠠᠢ ᠪᠣᠯᠬᠤᠷ ᠳᠠᠭᠠᠭᠤᠯᠵᠤ ᠶᠠᠪᠣᠭᠰᠠᠨ ᠨᠣᠲᠤᠭ ᠤᠨ ᠢᠶᠠᠨ ᠴᠡᠷᠢᠭ ᠢᠶᠠᠨ ᠬᠠᠮᠠᠭᠠᠯᠠᠵᠤ᠂ ᠦᠷᠭᠦᠯᠵᠢ ᠬᠤᠰᠢᠭᠤ ᠨᠣᠲᠤᠭ ᠢᠶᠠᠨ ᠡᠷᠭᠢᠳᠡᠭ ᠪᠠᠶᠢᠵᠠᠢ ᠭᠡᠨ᠎ᠡ᠃            1937 ᠣᠨ ᠳᠤ ᠭᠤᠯᠢᠮᠣᠩᠰᠧ᠂ ︽ᠮᠣᠩᠭᠤᠯ ᠤᠨ ᠥᠪᠡᠷᠲᠡᠭᠡᠨ ᠵᠠᠰᠠᠬᠤ ᠬᠤᠯᠪᠣᠭᠠᠲᠤ ᠵᠠᠰᠠᠭ  ᠤᠨ ᠣᠷᠳᠣᠨ︾ ᠤ ᠮᠣᠩᠭᠤᠯ ᠴᠡᠷᠢᠭ ᠪᠠᠶᠢᠭᠤᠯᠣᠭᠳᠠᠬᠤ ᠳᠤ ᠮᠣᠩᠭᠤᠯ ᠴᠡᠷᠢᠭ ᠤᠨ ᠳᠣᠯᠣᠳᠣᠭᠠᠷ ᠳ᠋ᠢᠸᠢᠽᠢ ᠶᠢᠨ ᠫᠣᠣᠲᠤ ᠴᠡᠷᠢᠭ ᠤᠨ ᠪᠣᠯᠪᠠᠰᠣᠷᠠᠭᠤᠯᠬᠤ ᠭᠠᠵᠠᠷ ᠬᠤᠷᠢᠶᠠᠨ ᠳᠠᠷᠤᠭ᠎ᠠ ᠪᠣᠯᠪᠠ ︵ᠳᠡᠮᠴᠣᠭ᠍ᠳᠣᠩᠷᠣᠪ ᠤᠨ ᠥᠪᠡᠷ ᠤᠨ ᠡᠷᠬᠢᠴᠡᠭᠦᠯᠦᠯ ᠳᠤ ᠴᠠᠬᠠᠷ ᠰᠢᠯᠢ ᠶᠢᠨ ᠭᠤᠣᠯ ᠠᠴᠠ ᠡᠯᠰᠡᠭᠰᠡᠨ ᠳᠣᠯᠣᠳᠣᠭᠠᠷ ᠳ᠋ᠢᠸᠢᠽᠢ ᠶᠢᠨ ᠴᠡᠷᠢᠭ ᠤᠨ ᠰᠠᠬᠢᠯᠭ᠎ᠠ ᠪᠠᠲᠤ ᠰᠠᠶᠢᠨ ᠭᠡᠰᠡᠨ ᠲᠡᠮᠳᠡᠭᠯᠡᠯ ᠪᠣᠢ︶᠃ ᠲᠡᠷᠡ ᠨᠣᠲᠤᠭ ᠣᠷᠣᠨ ᠳᠠᠭᠠᠨ ᠳᠡᠭᠡᠷᠡᠮ ᠬᠤᠯᠠᠭᠠᠢ ᠶᠢ ᠳᠠᠷᠣᠬᠤ ᠰᠠᠶᠢᠨ ᠠᠵᠢᠯ ᠢ ᠣᠯᠠᠨᠲᠠ ᠬᠢᠭᠰᠡᠨ ᠢᠶᠠᠷ ᠪᠠᠷᠠᠬᠤ ᠦᠭᠡᠢ᠂ ᠰᠣᠳᠨᠠᠮᠶᠦ᠋ᠩᠷᠣᠩ᠂ ᠭᠡᠸᠡᠫᠢᠯ᠂ ᠳ᠋ᠠᠮᠪᠠ᠂ ᠳᠣᠷᠵᠢ᠂ ᠷᠠᠰᠢ᠂ ᠷᠠᠰᠢᠨᠠᠮᠵᠢᠯ᠂ ᠰᠣᠳᠨᠠᠮᠳᠣᠩᠷᠣᠪ ᠵᠡᠷᠭᠡ ᠬᠦᠮᠦᠰ ᠢ ᠶᠠᠫᠣᠨ ᠳᠤ ᠣᠴᠢᠭᠤᠯᠣᠨ ᠰᠣᠷᠣᠯᠴᠠᠭᠤᠯᠵᠤ᠂ ᠪᠠᠰᠠ ᠡᠳᠦᠢ ᠲᠡᠳᠦᠢ ᠵᠠᠯᠠᠭᠤᠴᠣᠳ ᠢ ᠴᠡᠷᠢᠭ ᠲᠡᠭᠡᠨ ᠡᠯᠰᠡᠵᠦ ᠠᠪᠣᠭᠰᠠᠨ ᠶᠣᠮ᠃ ᠡᠭᠦᠨ ᠤ ᠳᠣᠲᠣᠷ᠎ᠠ ᠮᠠᠭᠤ ᠶᠠᠪᠣᠵᠤ ᠠᠷᠠᠳ  ᠢ ᠭᠠᠰᠠᠯᠭᠠᠭᠰᠠᠨ ᠰᠡᠳᠡᠩᠳᠦᠩᠷᠣᠪ ᠭᠡᠵᠦ ᠪᠠᠶᠢᠭᠰᠠᠨ ᠢ ᠣᠯᠵᠤ ᠮᠡᠳᠡᠭᠡᠳ ᠵᠠᠯᠠᠭᠤ ᠴᠡᠷᠢᠭ ᠷᠢᠴᠢᠨᠳᠣᠷᠵᠢ ᠶᠢ ᠶᠠᠪᠣᠭᠤᠯᠵᠤ ᠪᠠᠷᠢᠪᠴᠢᠯᠠᠨ ᠠᠪᠴᠢᠷᠠᠵᠤ ᠬᠦᠨᠳᠦ ᠰᠢᠢᠳᠬᠡᠨ ᠴᠡᠷᠢᠭ ᠠᠴᠠ ᠪᠠᠨ ᠬᠥᠭᠡᠭᠡᠨ ᠶᠠᠪᠣᠭᠤᠯᠵᠤ ᠭᠡᠨ᠎ᠡ᠃            1941~1942 ᠣᠨ ᠤ ᠬᠤᠭᠤᠷᠣᠨᠳᠤ ᠭᠤᠯᠢᠮᠣᠩᠰᠧ ︽ᠮᠣᠩᠭᠤᠯ ᠥᠪᠡᠷᠲᠡᠭᠡᠨ ᠵᠠᠰᠠᠬᠤ ᠬᠤᠯᠪᠣᠭᠠᠲᠤ ᠵᠠᠰᠠᠭ ᠤᠨ ᠣᠷᠳᠣᠨ︾ ᠤ ᠮᠣᠩᠭᠤᠯ ᠴᠡᠷᠢᠭ ᠠᠴᠠ ᠬᠠᠯᠠᠭᠳᠠᠭᠰᠠᠨ ᠵᠡᠭᠦᠨ ᠣᠷᠣᠨ ᠤ 30 ᠭᠠᠷᠣᠢ ᠡᠷᠦᠬᠡ ᠶᠢ ᠲᠠᠶᠢᠹᠣᠰᠧ ᠪᠠᠷᠠᠭᠤᠨ ᠭᠠᠷ ᠬᠤᠰᠢᠭᠤᠨ ᠤ ᠮᠠᠯᠣᠷᠲᠤ ᠶᠢᠨ ᠰᠦᠮ᠎ᠡ ᠶᠢᠨ ᠬᠠᠪᠢ ᠳᠤ ᠲᠠᠷᠢᠶ᠎ᠠ ᠥᠭᠴᠦ ᠨᠣᠲᠣᠭᠰᠢᠭᠤᠯᠣᠨ ᠰᠢᠨ᠎ᠡ ᠳᠣᠰᠬᠤᠨ ︵新村︶ ᠭᠡᠵᠦ ᠭᠠᠷᠭᠠᠵᠤ ᠵᠢᠷᠭᠤᠳᠣᠭᠠᠷ ᠰᠣᠮᠣ ᠬᠡᠮᠡᠨ ᠨᠡᠷᠡᠶᠢᠳᠪᠡ᠃ ᠣᠣᠯ ᠤᠨ ᠠᠶᠢᠮᠠᠭ ᠤᠨ ᠣᠯᠣᠰ ᠲᠥᠷᠦ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠪᠠᠶᠢᠭᠰᠠᠨ ᠴᠣᠭᠲᠤ ᠵᠢᠴᠢ ᠠᠯᠲᠠᠨᠬᠤᠸᠠᠷ᠂ ᠪᠣᠤ ᠢ᠂ ᠪᠠᠢ ᠵᠢᠢ ᠶᠠᠩ ᠨᠠᠷ ᠪᠦᠷ ᠠᠳᠡᠬᠢ ᠬᠦᠮᠦᠨ᠃            1943 ᠣᠨ ᠳᠤ ᠵᠠᠩᠪᠸᠢ ᠳᠤ ᠰᠠᠭᠤᠭ᠎ᠠ ᠮᠣᠩᠭᠤᠯ ᠠᠷᠮᠢ ᠶᠢᠨ ᠬᠤᠶᠠᠳᠣᠭᠠᠷ ᠳ᠋ᠢᠸᠢᠽᠢ ᠶᠢᠨ ᠲᠥᠪ ᠱᠲ᠋ᠠᠪ ᠤᠨ ᠳᠠᠷᠤᠭ᠎ᠠ ᠭᠤᠯᠢᠮᠣᠩᠰᠧ ᠭᠤᠸᠠᠢ ᠬᠠᠨ ᠰᠢᠶᠠᠨᠱᠧᠩ ᠢ ᠵᠠᠩᠪᠸᠢ ᠶᠢᠨ ᠠᠷᠤ ᠳᠤ ᠪᠠᠶᠢᠭ᠎ᠠ ᠭᠦᠩ ᠬᠤᠢ ᠳᠠᠬᠢ ᠰᠠᠭᠤᠷᠢᠨ ᠳᠠᠭᠠᠨ ᠢᠷᠡᠭᠡᠳ ᠪᠠᠶᠢᠬᠤ ᠶᠢ ᠣᠯᠵᠤ ᠮᠡᠳᠡᠭᠡᠳ ᠴᠡᠷᠢᠭ ᠲᠣᠮᠢᠯᠠᠨ ᠭᠡᠷ ᠬᠦᠷᠢᠶ᠎ᠡ ᠶᠢ ᠨᠢ ᠪᠦᠰᠡᠯᠡᠨ ᠨᠡᠩᠵᠢᠭᠡᠳ ᠬᠠᠨ ᠢ ᠬᠥᠪᠡᠭᠦᠨ ᠲᠠᠢ ᠨᠢ ᠬᠠᠮᠲᠤ ᠪᠠᠷᠢᠪᠴᠢᠯᠠᠨ ᠴᠠᠬᠠᠷ ᠴᠢᠭᠤᠯᠭᠠᠨ ᠤ ᠬᠢᠨᠳᠠᠨ ᠳᠤ ᠬᠤᠷᠢᠵᠤ ᠠᠯᠠᠨ ᠰᠢᠢᠳᠭᠡᠬᠦ ᠪᠠᠷ ᠲᠥᠯᠦᠪᠯᠡᠵᠦ ᠪᠠᠶᠢᠭᠰᠠᠨ ᠭᠡᠨ᠎ᠡ᠃ ᠭᠡᠲᠡᠯ᠎ᠡ ︽ᠮᠣᠩᠭᠤᠯ ᠥᠪᠡᠷᠲᠡᠭᠡᠨ ᠵᠠᠰᠠᠬᠤ ᠬᠤᠯᠪᠣᠭᠠᠲᠤ ᠵᠠᠰᠠᠭ ᠤᠨ ᠣᠷᠳᠣᠨ︾ ᠢ ᠵᠠᠬᠢᠷᠣᠨ ᠵᠢᠯᠣᠭᠤᠳᠴᠤ ᠪᠠᠶᠢᠭᠰᠠᠨ ᠦᠨᠳᠦᠷ ᠵᠡᠷᠭᠡ ᠶᠢᠨ ᠶᠠᠫᠣᠨ ᠵᠥᠪᠯᠡᠭᠴᠢ ᠴᠠᠬᠠᠷ ᠴᠢᠭᠤᠯᠭᠠᠨ ᠶᠠᠮᠣᠨ ᠳᠤ ᠰᠢᠭᠤᠳ ᠵᠠᠷᠯᠢᠭ ᠥᠭᠴᠦ ︽ᠬᠠᠨ ᠰᠢᠶᠠᠨᠱᠧᠩ ᠢ ᠳᠠᠷᠣᠢ ᠲᠦᠷᠭᠡᠨ ᠲᠠᠯᠪᠢ︕︾ ᠭᠡᠵᠡᠢ᠃  ᠮᠣᠩᠭᠤᠯ ᠴᠡᠷᠢᠭ ᠤᠨ ᠱᠲ᠋ᠠᠪ ᠭᠤᠯᠢᠮᠣᠩᠰᠧ ︽ᠮᠣᠩᠭᠤᠯ ᠥᠪᠡᠷᠲᠡᠭᠡᠨ ᠵᠠᠰᠠᠬᠤ ᠬᠤᠯᠪᠣᠭᠠᠲᠤ ᠵᠠᠰᠠᠭ ᠤᠨ ᠣᠷᠳᠣᠨ︾ ᠤ ᠪᠠᠩᠬᠢ ᠶᠢᠨ ᠳᠠᠷᠤᠭ᠎ᠠ ᠶᠢᠨ ᠳᠣᠰᠢᠶᠠᠯ ᠲᠠᠢ ᠴᠢᠭᠤᠯᠣᠯᠲᠤ ᠬᠠᠭᠠᠯᠭ᠎ᠠ ᠳᠤ ᠰᠠᠭᠤᠵᠤ ᠪᠠᠶᠢᠭᠰᠠᠨ ᠲᠡᠮᠦᠷᠪᠣᠯᠣᠳ ᠠᠮᠪᠠᠨ ᠳᠤ ᠮᠡᠳᠡᠭᠦᠯᠦᠨ ᠵᠥᠪᠯᠡᠭᠰᠡᠨ ᠳᠤ᠂ ᠲᠡᠮᠦᠷᠪᠣᠯᠣᠳ᠄ ︽ᠣᠣᠯ ᠲᠥᠯᠦᠪᠯᠡᠭᠰᠡᠨ ᠶᠣᠰᠣᠭᠠᠷ ᠵᠠᠪᠳᠣᠨ ᠰᠢᠢᠳᠪᠦᠷᠢᠯᠡ︕︾ ᠭᠡᠵᠦ ᠵᠠᠬᠢᠵᠠᠢ᠃ ᠴᠢᠩᠭᠢᠭᠡᠳ ᠲᠡᠷᠡ ᠰᠦᠨᠢ ᠳᠡᠭᠡᠨ ᠬᠠᠨ ᠢ ᠬᠥᠪᠡᠭᠦᠨ ᠲᠠᠢ ᠨᠢ ᠬᠠᠮᠲᠤ ᠵᠠᠩᠪᠸᠢ ᠶᠢᠨ ᠠᠷᠤ ᠳᠤ ᠬᠡᠭᠡᠷ᠎ᠡ ᠬᠥᠳᠡᠭᠡ ᠠᠯᠠᠨ ᠰᠢᠢᠳᠪᠦᠷᠢᠯᠡᠭᠡᠳ᠂ ᠮᠠᠷᠭᠠᠰᠢ  ᠨᠢ᠄ ︽ᠬᠠᠨ ᠰᠢᠶᠠᠨᠱᠧᠩ ᠪᠣᠯ ᠮᠣᠩᠭᠤᠯ ᠭᠠᠵᠠᠷ ᠠᠶᠢᠯ ᠡᠷᠦᠬᠡ ᠶᠢ ᠭᠠᠯᠳᠠᠵᠤ ᠬᠦᠮᠦᠨ ᠠᠯᠠᠵᠤ ᠮᠠᠯ ᠰᠦᠷᠦᠭ ᠳᠡᠭᠡᠷᠡᠮᠳᠡᠭᠰᠡᠨ ᠲᠣᠮᠤ ᠶᠠᠯ᠎ᠠ ᠲᠠᠢ ᠲᠣᠯᠠ ᠨᠢᠭᠡᠨᠲᠡ ᠰᠢᠢᠳᠪᠦᠷᠢᠯᠡᠵᠡᠢ︾ ᠬᠡᠮᠡᠨ ᠮᠣᠩᠭᠤᠯ ᠥᠪᠡᠷᠲᠡᠭᠡᠨ ᠵᠠᠰᠠᠬᠤ ᠬᠤᠯᠪᠣᠭᠠᠲᠤ ᠵᠠᠰᠠᠭ ᠤᠨ ᠣᠷᠳᠣᠨ ᠠᠴᠠ ᠶᠠᠫᠣᠨ ᠨᠣᠶᠠᠨ ᠳᠤ ᠮᠡᠳᠡᠭᠦᠯᠦᠭᠡᠳ ᠬᠠᠨ ᠰᠢᠶᠠᠨᠱᠧᠩ ᠤᠨ ᠶᠠᠪᠣᠳᠠᠯ ᠢ ᠳᠠᠭᠤᠰᠬᠠᠵᠣᠬᠤᠢ᠃            1944 ᠣᠨ ᠤ ᠬᠠᠪᠣᠷ ᠭᠤᠯᠢᠮᠣᠩᠰᠧ ᠮᠣᠩᠭᠤᠯ ᠴᠡᠷᠢᠭ ᠤᠨ ᠰᠡᠷᠭᠡᠶᠢᠯᠡᠨ ᠬᠠᠮᠠᠭᠠᠯᠠᠬᠤ ᠳ᠋ᠢᠸᠢᠽᠢ  ᠶᠢᠨ ᠴᠠᠬᠠᠷ ᠴᠢᠭᠤᠯᠭᠠᠨ ᠤ ᠬᠤᠶᠠᠳᠣᠭᠠᠷ ᠳ᠋ᠢᠸᠢᠽᠢ ᠶᠢᠨ ᠬᠤᠩᠬᠤᠨ ᠭᠧᠨᠧᠷᠡᠯ ᠴᠣᠯᠠ ᠲᠠᠢ ᠽᠠᠨᠮᠦ᠋ᠵᠠᠩ ᠢᠶᠠᠷ ᠲᠣᠮᠢᠯᠠᠭᠳᠠᠪᠠ᠃             ᠲᠠᠷᠬᠠᠨ ᠬᠤᠰᠢᠭᠤᠨ ᠤ ᠨᠡᠷ᠎ᠡ ᠲᠠᠢ ᠪᠠᠭᠠᠲᠣᠷ ᠭᠠᠳᠠ ᠮᠡᠶᠢᠷᠡᠨ ᠪᠡᠶ᠎ᠡ ᠦᠷᠡᠭᠳᠡᠭᠰᠡᠨ ᠤ ᠳᠠᠷᠠᠭ᠎ᠠ ᠲᠡᠭᠦᠨ ᠤ ᠡᠬᠡᠨᠡᠷ ᠮᠦᠳᠡᠨ ᠴᠦ ᠭᠢᠨᠳᠠᠨ ᠳᠤ ᠣᠷᠣᠪᠠ᠃ ᠲᠡᠷᠡ ᠯᠢ ᠰᠢᠦ ᠰᠢᠨ ᠤ ᠳᠣᠣᠷ᠎ᠠ ᠪᠠᠶᠢᠭᠰᠠᠨ ︽ᠮᠣᠩᠭᠤᠯ ᠴᠡᠷᠢᠭ ᠤᠨ ᠳᠣᠰᠬᠠᠢ ᠠᠩᠭᠢ︾ ᠶᠢᠨ ᠳᠠᠷᠤᠭ᠎ᠠ ᠡᠬᠢᠮᠡᠨᠳᠦ ᠶᠢᠨ ᠪᠠᠲᠣᠯᠠᠭ᠎ᠠ ᠪᠠᠷ ᠭᠢᠨᠳᠠᠨ ᠠᠴᠠ ᠭᠠᠷᠴᠤ᠂ ᠲᠡᠭᠦᠨ ᠲᠠᠢ ᠰᠡᠳᠬᠢᠯ ᠨᠢᠭᠡᠳᠦᠨ ᠠᠮᠢᠳᠣᠷᠠᠯ ᠢᠶᠠᠨ ᠬᠤᠯᠪᠣᠵᠠᠢ᠃ ᠶᠠᠫᠣᠨ ᠢ ᠡᠰᠡᠷᠭᠦᠴᠡᠬᠦ ᠳᠠᠶᠢᠨ ᠳᠤ ᠡᠬᠢᠮᠡᠨᠳᠦ ᠪᠠᠷᠢᠭᠳᠠᠨ ᠭᠢᠨᠳᠠᠨ ᠳᠤ ᠣᠷᠣᠭᠰᠠᠨ ᠢ ᠮᠦᠳᠠᠨ ᠣᠬᠠᠭᠠᠨ ᠵᠠᠷᠣᠵᠤ ᠭᠠᠷᠭᠠᠵᠤ ᠠᠪᠣᠭᠠᠳ ᠬᠤᠶᠠᠭᠤᠯᠠ ᠬᠡᠳᠦᠨ ᠬᠤᠰᠢᠭᠤ ᠳᠠᠮᠵᠢᠵᠤ ᠴᠠᠬᠠᠷ ᠨᠣᠲᠤᠭ ᠲᠤ ᠢᠷᠡᠵᠦ ᠪᠣᠤ ᠶᠣᠸᠠᠨ ︵ᠪᠣᠤ ᠴᠠᠩ︶ ᠬᠠᠪᠢ ᠪᠠᠷ ᠪᠡᠶ᠎ᠡ ᠳᠠᠯᠳᠠᠯᠠᠵᠤ ᠪᠠᠶᠢᠭᠰᠠᠨ ᠢ ᠶᠠᠫᠤᠨᠴᠣᠳ ᠰᠡᠷᠡᠵᠦ ᠮᠡᠳᠡᠭᠡᠳ ᠡᠬᠢᠮᠡᠨᠳᠦ ᠶᠢ ᠬᠤᠣᠷᠯᠠᠭᠰᠠᠨ ᠶᠣᠮ᠃ ᠮᠦᠳᠠᠨ ᠭᠠᠭᠴᠠ ᠬᠥᠪᠡᠭᠦᠨ  ᠲᠠᠢ ᠪᠠᠨ ᠳᠡᠨᠦᠵᠦ ᠪᠠᠶᠢᠭᠰᠠᠨ ᠢ ᠭᠤᠯᠢᠮᠣᠩᠰᠧ ᠣᠯᠵᠤ ᠮᠡᠳᠡᠭᠡᠳ ᠵᠠᠩᠪᠸᠢ ᠳᠤ ᠠᠪᠠᠴᠢᠵᠤ ᠠᠶᠢᠯ ᠳᠤ ᠨᠢᠭᠤᠨ ᠳᠠᠯᠳᠠᠯᠠᠵᠤ ᠪᠠᠶᠢᠭᠠᠳ ᠳᠠᠷᠠᠭ᠎ᠠ ᠨᠢ ᠨᠣᠲᠤᠭ ᠲᠠᠭᠠᠨ ᠶᠠᠪᠣᠭᠤᠯᠣᠨ ᠲᠠᠶᠢᠹᠦᠰᠧ ᠪᠠᠷᠠᠭᠤᠨ ᠭᠠᠷ ᠬᠤᠰᠢᠭᠤᠨ ᠤ ᠥᠨᠳᠦᠷ ᠡᠷᠭᠢ ᠶᠢᠨ ᠬᠤᠲᠠᠨ ᠤ ᠰᠡᠷᠡᠩᠨᠠᠮᠵᠢᠯ ᠤᠨ ᠭᠡᠷ ᠲᠤ ᠰᠠᠭᠤᠯᠭᠠᠵᠤ᠂ ᠬᠤᠵᠢᠮ ᠨᠢ ᠰᠧᠯᠠᠩᠴᠧᠩ ᠬᠤᠲᠠᠨ ᠤ ᠣᠷᠲᠤ ᠶᠢᠨ ᠬᠡᠮᠡᠬᠦ ᠠᠶᠢᠯ ᠳᠤ ᠨᠢᠭᠡ ᠡᠪᠦᠯᠵᠢᠭᠦᠯᠦᠭᠡᠳ ᠬᠠᠪᠣᠷ ᠳᠣᠯᠠᠭᠠᠨ ᠣᠷᠣᠭᠰᠠᠨ ᠬᠤᠶᠢᠨ᠎ᠠ ᠶᠠᠪᠣᠭᠤᠯᠣᠭᠰᠠᠨ ᠭᠡᠨ᠎ᠡ᠃ 1945 ᠣᠨ ᠤ ᠨᠠᠮᠣᠷ ᠬᠠᠯᠬ᠎ᠠ ᠴᠡᠷᠢᠭ ᠭᠤᠯᠢᠮᠣᠩᠰᠧ ᠶᠢ ᠠᠪᠠᠴᠢᠬᠤ ᠦᠶ᠎ᠡ ᠳᠤ ᠮᠦᠳᠠᠨ ᠮᠠᠩᠬᠠᠨ ᠳᠤ ᠣᠴᠢᠵᠤ᠂ ᠰᠠᠩ ᠤᠨ ᠳᠠᠯᠠᠢ ᠶᠢᠨ ᠵᠢᠪᠬᠤᠯᠠᠩᠲᠤ ᠬᠠᠪᠢ ᠪᠠᠷ ᠣᠶᠣᠳᠠᠯ ᠣᠶᠣᠵᠤ ᠵᠢᠯ ᠢᠯᠡᠭᠦᠦ ᠪᠣᠯᠣᠭᠠᠳ ᠣᠭ ᠨᠣᠲᠤᠭ ᠳᠠᠷᠬᠠᠨ ᠬᠤᠰᠢᠭᠤᠨ ᠳᠠᠭᠠᠨ ᠬᠠᠷᠢᠵᠤ ᠨᠣᠲᠣᠭᠰᠢᠨ ᠭᠠᠭᠴᠠ ᠬᠥᠪᠡᠭᠦᠨ ᠠᠷᠰᠯᠠᠨ ︵ᠬᠢᠲᠠᠳ ᠨᠡᠷ᠎ᠡ ᠬᠤ᠋ ᠸᠠᠨ ᠯᠢᠩ︶ ᠢᠶᠠᠨ ᠠᠷᠠᠳ ᠤᠨ ᠴᠢᠯᠦᠭᠡᠯᠡᠬᠦ ᠴᠡᠷᠢᠭ ᠲᠤ ᠣᠷᠣᠭᠤᠯᠵᠠᠢ᠃ ᠰᠡᠭᠦᠯᠡᠷ ᠨᠢ ᠬᠥᠪᠡᠭᠦᠨ ᠢᠶᠠᠨ ᠳᠠᠭᠠᠵᠤ ᠴᠠᠩᠴᠦ᠋ᠨ ᠬᠤᠲᠠ ᠶᠢᠨ ᠣᠯᠣᠰ ᠲᠥᠷᠦ ᠶᠢᠨ ᠵᠥᠪᠯᠡᠯᠭᠡᠨ ᠤ ᠬᠡᠰᠢᠭᠦᠨ ᠪᠣᠯᠵᠤ᠂ 1979 ᠣᠨ ᠳᠤ ᠨᠠᠰᠤ ᠪᠠᠷᠠᠬᠤ ᠠᠴᠠ ᠡᠮᠦᠨ᠎ᠡ 73 ᠨᠠᠰᠣᠲᠠᠢ ᠮᠦᠳᠠᠨ ᠴᠢᠨᠳᠠᠷ ᠢᠶᠠᠨ ᠳᠠᠷᠬᠠᠨ ᠬᠤᠰᠢᠭᠤᠨ ᠳᠤ ᠣᠷᠣᠰᠢᠭᠤᠯᠬᠤ ᠶᠢ ᠭᠡᠷᠢᠶᠡᠰᠦᠯᠡᠵᠦ᠂ ᠭᠤᠯᠢᠮᠣᠩᠰᠧ ᠶᠢᠨ ᠳᠣᠰᠠᠯᠠᠮᠵᠢ ᠪᠠᠷ ᠠᠮᠢ ᠭᠠᠷᠣᠭᠰᠠᠨ ᠲᠡᠦᠬᠡᠨ ᠶᠠᠪᠣᠴᠠ ᠪᠠᠨ ᠲᠡᠮᠳᠡᠭᠯᠡᠨ ᠦᠯᠡᠳᠡᠭᠡᠵᠦ ᠭᠡᠨ᠎ᠡ ᠪᠢᠯᠡ᠃            1945 ᠣᠨ ᠳᠤ ᠭᠤᠯᠢᠮᠣᠩᠰᠧ ᠴᠡᠷᠢᠭ ᠲᠠᠢ ᠪᠠᠨ ᠵᠠᠩᠪᠸᠢ ᠳᠤ ᠪᠠᠶᠢᠵᠠᠢ ᠭᠡᠨ᠎ᠡ᠃ ᠲᠡᠷᠡ ᠴᠠᠭ ᠲᠥᠷᠦ ᠶᠢᠨ ᠪᠠᠶᠢᠳᠠᠯ ᠢ ᠡᠷᠲᠡ ᠰᠡᠷᠡᠵᠦ ᠮᠡᠳᠡᠭᠡᠳ ᠡᠬᠡᠨᠡᠷ ᠬᠡᠦᠬᠡᠳ ᠢᠶᠠᠨ ᠬᠥᠳᠡᠭᠡ ᠭᠡᠷ ᠲᠡᠭᠡᠨ ᠶᠠᠪᠣᠭᠤᠯᠵᠤ ᠮᠠᠯᠴᠢᠨ ᠤ ᠠᠮᠢᠳᠣᠷᠠᠯ ᠢ ᠬᠢᠯᠭᠡᠪᠡ᠃ 8 ᠰᠠᠷ᠎ᠠ ᠶᠢᠨ ᠠᠷᠪᠠᠳ ᠪᠣᠯᠬᠤ ᠳᠤ ᠶᠠᠫᠣᠨ ᠴᠡᠷᠢᠭ ᠲᠠᠢ ᠬᠠᠮᠲᠣᠷᠠᠨ ᠵᠠᠩᠪᠸᠢ ᠶᠢᠨ ᠬᠤᠶᠢᠲᠤ ᠬᠠᠭᠠᠯᠭ᠎ᠠ ᠶᠢ ᠪᠠᠬᠢᠵᠦ ᠪᠠᠶᠢᠯᠳᠣᠨ᠂ ᠴᠢᠭᠤᠯᠣᠯᠲᠤ ᠬᠠᠭᠠᠯᠭ᠎ᠠ ᠶᠢᠨ ᠳᠠᠪᠠᠭᠠᠨ ᠳᠡᠭᠡᠷ᠎ᠡ ᠬᠦᠷᠴᠦ ᠬᠠᠯᠬ᠎ᠠ ᠮᠣᠩᠭᠤᠯ ᠤᠨ ᠴᠡᠷᠢᠭ ᠲᠠᠢ ᠳᠠᠰᠣᠷᠬᠠᠢ ᠪᠠᠶᠢᠯᠳᠣᠭᠠᠨ ᠬᠢᠬᠦ ᠬᠡᠷᠡᠭᠲᠡᠢ ᠭᠡᠰᠡᠨ ᠵᠠᠷᠯᠢᠭ ᠢ ᠣᠯᠣᠭᠰᠠᠨ ᠭᠤᠯᠢᠮᠤᠩᠰᠧ᠂ ᠴᠡᠷᠢᠭ ᠢᠶᠠᠨ ᠴᠣᠭᠯᠠᠷᠠᠭᠤᠯᠵᠤ᠂ ᠬᠤᠶᠠᠷ ᠶᠠᠫᠣᠨ ᠺᠣᠮᠢᠰᠰᠠᠷ ᠲᠠᠭᠠᠨ ᠣᠬᠠᠭᠠᠨ ᠭᠠᠷᠭᠠᠨ ᠬᠤᠶᠢᠲᠤ ᠬᠠᠭᠠᠯᠭ᠎ᠠ ᠶᠢ ᠪᠠᠬᠢᠬᠦ ᠪᠠᠷ ᠵᠡᠭᠦᠨ ᠬᠠᠭᠠᠯᠭ᠎ᠠ ᠪᠠᠷ ᠭᠠᠷᠴᠤ ᠭᠠᠳᠠᠨ᠎ᠠ ᠠᠴᠠ ᠨᠢ ᠳᠣᠰᠣᠨ ᠪᠠᠶᠢᠯᠳᠣᠶ᠎ᠠ ᠬᠡᠮᠡᠨ ᠬᠠᠭᠤᠷᠴᠤ᠂ 8 ᠰᠠᠷ᠎ᠠ ᠶᠢᠨ 16 ᠤ ᠡᠳᠦᠷ᠂ ᠦᠷᠯᠦᠭᠡ 600 ᠭᠠᠷᠣᠢ ᠮᠣᠩᠭᠤᠯ ᠴᠡᠷᠢᠭ ᠢᠶᠠᠨ ᠠᠪᠴᠤ ᠵᠡᠭᠦᠨ ᠡᠭᠦᠳᠡ ᠪᠠᠷ ᠰᠢᠪᠲᠣᠯᠣᠨ ᠭᠠᠷᠭᠠᠵᠤ᠂ ᠵᠠᠮ ᠳᠠᠭᠠᠤ ᠭᠡᠷ ᠡᠷᠦᠬᠡ ᠳᠤᠨᠢ ᠪᠣᠴᠠᠭᠠᠨ᠂ 8 ᠰᠠᠷ᠎ᠠ ᠶᠢᠨ 17 ᠤ ᠡᠳᠦᠷ ᠮᠢᠩᠭᠠᠨ ᠬᠤᠰᠢᠭᠤᠨ ᠤ ᠵᠠᠬ᠎ᠠ ᠬᠤᠷᠴᠢᠨ ᠣᠪᠣᠭ᠎ᠠ ᠳᠤ ᠢᠷᠡᠬᠦ ᠳᠤ 400 ᠭᠠᠷᠣᠢ ᠴᠡᠷᠢᠭ ᠪᠣᠯᠵᠠᠢ᠃ ᠲᠡᠳᠡ ᠠᠳᠡ ᠨᠥᠭᠦᠭᠡ ᠬᠤᠶᠠᠷ ᠶᠠᠫᠣᠨ ᠺᠣᠮᠢᠰᠰᠡᠷ ᠢᠶᠠᠨ ᠦᠭᠡᠢ ᠪᠣᠯᠭᠠᠨ᠂ ᠪᠥᠬᠦ ᠴᠡᠷᠢᠭ ᠮᠣᠷᠢᠨ ᠠᠴᠠ ᠪᠠᠨ ᠪᠠᠭᠤᠵᠤ ᠴᠣᠭᠯᠠᠷᠠᠬᠤ ᠳᠤ ᠭᠧᠨᠧᠷᠡᠯ ᠭᠤᠯᠢᠮᠣᠩᠰᠧ᠄ ︽ᠣᠳᠤ ᠪᠥᠭᠦᠳᠡᠭᠡᠷ ᠳᠠᠷᠬᠠᠵᠤ ᠭᠡᠷ ᠡᠷᠦᠬᠡ ᠳᠡᠭᠡᠨ ᠬᠠᠷᠢᠵᠤ ᠪᠣᠯᠣᠨ᠎ᠠ᠂ ᠫᠣᠤ ᠰᠣᠮᠤ ᠪᠠᠨ ᠮᠢᠩᠭᠠᠨ ᠶᠠᠮᠣᠨ ᠳᠤ ᠬᠦᠷᠭᠡᠨ ᠳᠣᠰᠢᠶᠠᠨ᠎ᠠ᠃ ᠲᠠ ᠨᠠᠷ ᠬᠠᠷᠢᠭᠰᠠᠨ ᠤ ᠬᠤᠶᠢᠨ᠎ᠠ᠂ ᠨᠢᠭᠡ ᠳᠤ᠂ ᠬᠤᠯᠠᠭᠠᠢ ᠳᠡᠭᠡᠷᠡᠮ ᠪᠣᠯᠵᠤ ᠪᠣᠯᠬᠤ ᠦᠭᠡᠢ᠃ ᠬᠤᠶᠠᠷ ᠲᠤ᠂ ᠠᠷᠠᠳ ᠢ ᠳᠠᠷᠣᠯᠠᠵᠤ ᠡᠯᠳᠡᠪ ᠮᠠᠭᠤ ᠶᠠᠪᠣᠳᠠᠯ ᠬᠢᠵᠦ ᠪᠣᠯᠬᠤ ᠦᠭᠡᠢ᠃ ᠭᠤᠷᠪᠠ ᠳᠤ᠂ ᠰᠠᠶᠢᠨ ᠰᠠᠶᠢᠬᠠᠨ ᠭᠡᠷ ᠤᠨ ᠢᠶᠠᠨ ᠠᠵᠤ ᠠᠮᠢᠳᠣᠷᠠᠯ ᠢ ᠬᠢᠵᠦ ᠰᠠᠭᠤᠬᠤ ᠬᠡᠷᠡᠭᠲᠡᠢ︾ ᠭᠡᠵᠦ ᠨᠡᠶᠢᠲᠡᠯᠡᠭᠰᠡᠨ ᠳᠤ ᠣᠯᠠᠨ ᠢᠶᠠᠷ ᠲᠣᠩ ᠪᠠᠶᠠᠷᠯᠠᠨ ᠬᠦᠯᠢᠶᠡᠵᠦ᠂ ᠵᠦᠭ ᠵᠦᠭ ᠲᠡᠭᠡᠨ ᠳᠠᠷᠬᠠᠨ ᠶᠠᠪᠣᠵᠤ ᠪᠢᠯᠡ ᠃ ᠢᠩᠭᠢᠭᠡᠳ 600 ᠭᠠᠷᠣᠢ ᠮᠣᠩᠭᠤᠯ ᠴᠡᠷᠢᠭ ᠢ ᠫᠣᠤ ᠶᠢᠨ ᠪᠥᠭᠯᠡᠭᠡ᠂ ᠳᠠᠶᠢᠨ ᠤ ᠦᠨᠡᠰᠦ ᠪᠣᠯᠬᠤ ᠠᠴᠠ ᠬᠡᠯᠳᠦᠷᠢᠭᠦᠯᠵᠦ ᠭᠡᠨ᠎ᠡ᠂ ᠡᠳᠡᠭᠡᠷ ᠬᠦᠮᠦᠰ ᠪᠥᠷ ᠭᠤᠯᠢᠮᠣᠩᠰᠧ ᠤᠨ ᠬᠦᠴᠦᠨ ᠳᠤ ᠠᠮᠢ ᠮᠡᠨᠳᠦ ᠠᠶᠢᠯ ᠭᠡᠷ ᠲᠡᠭᠡᠨ ᠬᠠᠷᠢᠵᠤ ᠢᠷᠡᠯ᠎ᠡ ᠭᠡᠵᠡᠭᠡᠵᠦ ᠵᠠᠯᠠᠭᠤ ᠢᠳᠡᠷᠴᠣᠳ ᠨᠢ ᠬᠤᠪᠢᠰᠬᠠᠯ ᠬᠢᠵᠦ ᠴᠡᠷᠢᠭ ᠲᠤ ᠣᠷᠣᠭᠰᠠᠨ ᠪᠠᠶᠢᠨ᠎ᠠ᠃             ᠭᠤᠯᠢᠮᠣᠩᠰᠧ 8 ᠰᠠᠷ᠎ᠠ ᠶᠢᠨ 17 ᠳᠤ ᠮᠢᠩᠭᠠᠨ ᠶᠠᠮᠣᠨ ᠳᠤ ᠣᠴᠢᠬᠤ ᠳᠤ ᠶᠠᠭ ᠬᠡᠯᠡᠯᠴᠡᠭᠰᠡᠨ ᠶᠣᠮ ᠰᠢᠭ ᠨᠠ᠊· ᠰᠠᠶᠢᠨᠴᠣᠭᠲᠤ ᠪᠣᠯᠣᠨ ᠶᠠᠮᠣᠨ ᠤ ᠵᠠᠷᠢᠮ ᠨᠣᠶᠠᠳ ᠲᠠᠢ ᠠᠭᠤᠯᠵᠠᠵᠠᠢ᠃ ᠲᠡᠳᠡ ᠬᠠᠮᠲᠤ ᠪᠠᠷ ᠵᠥᠪᠳᠡᠯᠴᠡᠨ ᠣᠷᠣᠰ ᠮᠣᠩᠭᠤᠯ ᠤᠨ ᠴᠡᠷᠢᠭ ᠲᠤ ᠪᠠᠭᠤᠵᠤ ᠥᠭᠬᠦ ᠪᠠᠷ ᠳᠣᠭᠲᠠᠵᠤ᠂ ᠳᠣᠯᠣᠨᠨᠠᠭᠤᠷ ᠲᠤ ᠬᠠᠯᠬ᠎ᠠ ᠴᠡᠷᠢᠭ ᠢ ᠺᠣᠮᠠᠨᠳ᠋ᠯᠠᠵᠤ ᠪᠠᠶᠢᠭᠰᠠᠨ ᠯᠠᠮᠠᠵᠠᠪ ᠰᠠᠶᠢᠳ ᠲᠤ ᠣᠴᠠᠷᠠᠨ᠂ ᠪᠡᠶ᠎ᠡ ᠪᠠᠨ ᠳᠣᠰᠢᠶᠠᠨ ᠪᠠᠭᠤᠵᠤ ᠥᠭᠭᠦᠭᠰᠡᠨ ᠪᠠᠶᠢᠯ᠎ᠠ ᠭᠡᠨ᠎ᠡ᠃ ᠭᠤᠯᠢᠮᠣᠩᠰᠧ ᠶᠢ ᠲᠦᠷ ᠭᠡᠷ ᠲᠤᠨᠢ ᠢᠷᠡᠭᠦᠯᠦᠨ ᠠᠮᠣᠰᠬᠢᠯᠭᠡᠵᠦ ᠪᠠᠶᠢᠭᠠᠳ ᠬᠠᠯᠬ᠎ᠠ ᠴᠡᠷᠢᠭ ᠪᠣᠴᠠᠬᠤ ᠳᠠᠭᠠᠨ ᠠᠪᠴᠤ ᠶᠠᠪᠣᠭᠰᠠᠨ ᠶᠣᠮ ᠭᠡᠨ᠎ᠡ᠂ ᠡᠬᠡᠨᠡᠷ ᠬᠡᠦᠬᠡᠳ ᠨᠢ ᠴᠦ ᠳᠠᠭᠠᠵᠤ ᠶᠠᠪᠣᠯ᠎ᠠ ᠭᠡᠳᠡᠭ᠃             ᠭᠤᠯᠢᠮᠣᠩᠰᠧ ᠮᠣᠩᠭᠤᠯ ᠳᠤ ᠣᠴᠢᠭᠠᠳ ᠪᠠᠭᠤᠵᠤ ᠥᠭᠭᠦᠭᠰᠡᠳ ᠤᠨ ᠬᠠᠷᠠᠭᠠᠯᠵᠠᠯ ᠢ ᠬᠦᠷᠲᠡᠵᠦ᠂ ᠣᠯᠣᠰ ᠤᠨ ᠡᠮᠨᠡᠯᠭᠡ ᠳᠤ ᠭᠤᠷᠪᠠᠨ ᠰᠠᠷ᠎ᠠ ᠰᠣᠪᠢᠯᠡᠯᠲᠡ ᠬᠢᠵᠡᠢ᠃            1948~ 1955 ᠣᠨ ᠪᠣᠯᠲᠠᠯ᠎ᠠ ᠮᠣᠩᠭᠤᠯ ᠣᠯᠣᠰ ᠤᠨ ᠳᠣᠲᠣᠭᠠᠳᠤ ᠶᠢᠨ ᠶᠠᠮᠣᠨ ᠤ ᠠᠵᠢᠯᠲᠠᠳ ᠲᠤ ᠬᠢᠲᠠᠳ ᠬᠡᠯᠡᠨ ᠤ ᠣᠷᠴᠢᠭᠤᠯᠣᠭᠴᠢ ᠪᠠᠭᠰᠢ ᠶᠢᠨ ᠠᠵᠢᠯ ᠬᠢᠵᠦ ᠪᠠᠶᠢᠵᠠᠢ᠃            1955~1960 ᠣᠨ ᠪᠣᠯᠲᠠᠯ᠎ᠠ ᠮᠣᠩᠭᠤᠯ ᠣᠯᠣᠰ ᠤᠨ ᠶᠡᠭᠡ ᠰᠣᠷᠭᠠᠭᠤᠯᠢ ᠳᠤ ᠬᠢᠲᠠᠳ ᠬᠡᠯᠡᠨ  ᠤ ᠪᠠᠭᠰᠢ ᠪᠣᠯᠵᠤ 1960 ᠣᠨ ᠳᠤ ᠨᠠᠰᠣᠨ ᠤ ᠠᠮᠠᠷᠠᠯᠲᠠ ᠪᠠᠨ ᠠᠪᠴᠤ᠂ 1964 ᠣᠨ ᠳᠤ 61 ᠨᠠᠰᠣᠲᠠᠢ ᠮᠣᠩᠭᠤᠯ ᠣᠯᠣᠰ ᠤᠨ ᠣᠯᠠᠭᠠᠨᠪᠠᠭᠠᠲᠣᠷ ᠬᠤᠲᠠ ᠳᠤ ᠨᠠᠰᠣᠨ ᠪᠣᠯᠪᠠ ᠭᠡᠨ᠎ᠡ᠃             ᠭᠤᠯᠢᠮᠣᠩᠰᠧ᠂ 2004 ᠣᠨ ᠳᠤ ︽ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ︾᠂ ︽ᠲᠠᠶᠢᠹᠣᠰᠧ ᠪᠠᠷᠠᠭᠤᠨ ᠭᠠᠷ ᠰᠦᠷᠦᠭ ︵ᠬᠤᠰᠢᠭᠤ︶︾ ᠬᠡᠮᠡᠬᠦ ᠨᠣᠮ ᠳᠤ ᠲᠡᠮᠳᠡᠭᠯᠡᠭᠳᠡᠵᠡᠢ᠃︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号