ᠣᠩᠭᠤᠢ
ᠨᠡᠶᠢᠲᠡᠯᠡᠭᠰᠡᠨ ᠴᠠᠭ᠄
2020/3/23
        ᠣᠩᠭᠤᠢ ︵1910~2004 ᠣᠨ︶᠂ ᠴᠠᠬᠠᠷ ᠵᠡᠭᠦᠨ ᠭᠠᠷ ᠤᠨ ᠰᠢᠯᠣᠭᠤᠨ ᠴᠠᠭᠠᠨ ᠦᠬᠡᠷᠴᠢᠨ ᠰᠦᠷᠦᠭ ︵ᠣᠣᠯ ᠤᠨ ᠮᠢᠩᠭᠠᠨ ᠵᠢᠷᠭᠤᠳᠣᠭᠠᠷ ᠰᠣᠮᠣᠨ︶ ᠤᠨ ᠮᠠᠯᠴᠢᠨ ᠮᠠᠵᠢᠭ᠂ ᠴᠡᠴᠡᠭᠮ᠎ᠠ ᠶᠢᠨ ᠭᠡᠷ ᠲᠤ ᠲᠥᠷᠦᠵᠡᠢ᠃         1918 ᠣᠨ ᠳᠤ ᠣᠩᠭᠤᠢ ᠨᠠᠢᠮᠠᠨ ᠨᠠᠰᠣᠨ ᠠᠴᠠ ᠪᠠᠨ ᠡᠬᠢᠯᠡᠨ ᠴᠢᠣᠸᠠᠨ ᠰᠢᠨ ᠶᠠᠩ ᠰᠦᠮ᠎ᠡ᠂ ᠬᠠᠳᠠᠨᠬᠤᠰᠢᠭᠤ ᠰᠦᠮ᠎ᠡ ᠳᠤ ᠲᠥᠪᠡᠳ ᠬᠡᠯᠡ ᠰᠣᠷᠣᠯᠴᠠᠬᠤ ᠶᠢᠨ ᠳᠠᠭᠠᠤ ᠪᠠᠰᠠ ᠮᠣᠩᠭᠤᠯ ᠬᠡᠯᠡ ᠰᠣᠷᠴᠠᠢ᠃         1923~ 1932 ᠣᠨ ᠳᠤ ᠭᠡᠷ ᠲᠡᠭᠡᠨ ᠪᠣᠴᠠᠨ ᠬᠤᠨᠢ ᠬᠠᠷᠢᠭᠤᠯᠵᠤ ᠪᠠᠶᠢᠪᠠ᠃         1932 ᠣᠨ ᠳᠤ ᠰᠦᠷᠦᠭ ᠤᠨ ᠶᠠᠮᠣᠨ ᠠᠴᠠ ᠠᠮᠣᠷ ᠢ ᠬᠠᠮᠠᠭᠠᠯᠠᠬᠤ ᠴᠡᠷᠢᠭ ᠪᠣᠯᠭᠠᠵᠤ᠂ 1933 ᠣᠨ ᠳᠤ ᠠᠮᠣᠷ ᠢ ᠬᠠᠮᠠᠭᠠᠯᠠᠬᠤ ᠴᠡᠷᠢᠭ ᠠᠩᠭᠢ ᠳᠤ ᠳᠠᠰᠤᠭ ᠤᠨ ᠳᠠᠷᠤᠭ᠎ᠠ ᠪᠠᠷ ᠳᠡᠪᠰᠢᠵᠡᠢ᠃1935 ᠣᠨ ᠳᠤ ᠮᠢᠩᠭᠠᠨ ᠮᠠᠯᠵᠢᠯ ᠤᠨ ᠲᠠᠯᠠᠪᠠᠢ ᠶᠢᠨ ᠵᠣᠳᠪᠠᠵᠠᠪ ᠤᠨ ᠴᠠᠬᠠᠷ ᠵᠡᠭᠦᠨ ᠭᠠᠷ ᠤᠨ ᠠᠮᠣᠷ ᠢ ᠬᠠᠮᠠᠭᠠᠯᠠᠬᠤ ᠴᠡᠷᠢᠭ ᠢ ᠥᠷᠭᠡᠳᠭᠡᠨ ᠵᠠᠰᠠᠭ ᠤᠨ ᠣᠷᠳᠣᠨ ᠤ ᠮᠣᠩᠭᠤᠯ ᠮᠣᠷᠢᠲᠤ ᠴᠡᠷᠢᠭ ᠤᠨ ᠬᠤᠶᠠᠳᠣᠭᠠᠷ ᠳ᠋ᠢᠸᠢᠽᠢ ᠪᠣᠯᠭᠠᠬᠤ ᠳᠤ ᠪᠣᠣᠴᠠᠩ᠂ ᠺᠠᠩ ᠪᠣᠤ ᠵᠡᠷᠭᠡ ᠶᠢᠨ ᠭᠠᠵᠠᠷ ᠤᠨ ᠨᠡᠶᠢᠭᠡᠮ ᠤᠨ ᠠᠮᠣᠷ ᠳᠥᠪᠰᠢᠨ ᠢ ᠬᠠᠮᠠᠭᠠᠯᠠᠵᠤ ᠰᠠᠭᠤᠵᠠᠢ᠃         1935 ᠣᠨ ᠳᠤ ᠵᠠᠩᠪᠸᠢ ᠶᠢᠨ ᠴᠡᠷᠢᠭ ᠤᠨ ᠨᠣᠶᠠᠳ ᠤᠨ ᠰᠣᠷᠭᠠᠭᠤᠯᠢ ᠳᠤ ᠬᠠᠭᠠᠰ ᠵᠢᠯ ᠴᠡᠷᠢᠭ ᠤᠨ ᠪᠣᠯᠪᠠᠰᠣᠷᠠᠯ ᠬᠢᠵᠡᠢ᠃         1937 ᠣᠨ ᠳᠤ ᠲᠦᠷᠦᠭᠦᠴᠢ ᠪᠠᠭ᠎ᠠ ᠠᠩᠭᠢ ᠶᠢᠨ ᠳᠠᠷᠤᠭ᠎ᠠ ᠪᠠᠷ ᠳᠡᠪᠰᠢᠵᠡᠢ᠃         1938 ᠣᠨ ᠤ ᠵᠣᠨ ᠹᠦ᠋ ᠽᠦᠸᠧ ᠢ ᠶᠢᠨ ᠴᠡᠷᠢᠭ ᠢ ᠡᠰᠡᠷᠭᠦᠴᠡᠵᠦ᠂ ᠺᠠᠩ ᠪᠣᠤ ᠶᠢ ᠬᠠᠮᠠᠭᠠᠯᠠᠬᠤ ᠪᠠᠶᠢᠯᠳᠣᠭᠠᠨ ᠳᠤ ᠣᠷᠣᠵᠠᠢ᠃         1939 ᠣᠨ ᠤ ᠨᠢᠭᠡ ᠰᠠᠷ᠎ᠠ ᠳᠤ ᠵᠠᠩᠪᠸᠢ ᠶᠢᠨ ᠠᠮᠣᠷ ᠢ ᠬᠠᠮᠠᠭᠠᠯᠠᠬᠤ ᠰᠧᠯᠢᠩᠪᠦ᠋ ᠳᠤ ᠰᠢᠯᠵᠢᠵᠡᠢ᠃         1940 ᠣᠨ ᠳᠤ ᠳᠣᠮᠳᠠ ᠠᠩᠭᠢ ᠶᠢᠨ ᠳᠠᠷᠤᠭ᠎ᠠ ᠪᠠᠷ ᠳᠡᠪᠰᠢᠪᠡ᠂ ᠲᠣᠰ ᠵᠢᠯ ᠳᠡᠭᠡᠨ ᠶᠡᠭᠡ ᠠᠩᠭᠢ  ᠶᠢᠨ ᠳᠠᠷᠤᠭ᠎ᠠ ᠶᠢᠨ ᠳᠣᠰᠢᠶᠠᠯ ᠳᠤ ᠳᠡᠪᠰᠢᠵᠡᠢ᠃1942 ᠣᠨ ᠳᠤ ᠡᠾᠧᠪᠸᠢ ᠶᠢᠨ ᠴᠦᠩ ᠯᠢ ᠰᠢᠶᠠᠨ ᠳᠤ᠂ ᠨᠠᠢᠮᠠᠨ ᠵᠠᠮ ᠤᠨ ᠴᠡᠷᠢᠭ ᠲᠠᠢ ᠠᠭᠤᠯᠵᠠᠨ ᠭᠤᠷᠪᠠᠨ ᠣᠳᠠᠭ᠎ᠠ ᠶᠢᠨ ᠪᠠᠶᠢᠯᠳᠣᠭᠠᠨ ᠬᠢᠵᠦ᠂ ᠬᠡᠨ ᠠᠯᠢᠨ ᠢᠶᠠᠨ ᠳᠡᠶᠢᠯᠦᠭᠰᠡᠨ ᠦᠭᠡᠢ ᠴᠡᠷᠢᠭ ᠤᠨ ᠬᠤᠸᠠᠷᠠᠨ ᠳᠠᠭᠠᠨ ᠪᠣᠴᠠᠵᠠᠢ᠃         1944 ᠣᠨ ᠤ ᠬᠠᠪᠣᠷ᠂ ᠠᠮᠣᠷ ᠢ ᠬᠠᠮᠠᠭᠠᠯᠠᠬᠤ ᠴᠡᠷᠢᠭ ᠠᠩᠭᠢ ᠨᠢ ᠬᠠᠭᠤᠷᠠᠢ ᠵᠠᠮ ᠤᠨ ᠴᠡᠷᠢᠭ ᠤᠨ ᠬᠤᠶᠠᠳᠣᠭᠠᠷ ᠳ᠋ᠢᠸᠢᠽᠢ ᠶᠢᠨ ᠰᠢᠭᠤᠳ ᠬᠠᠷᠢᠶ᠎ᠠ ᠬᠤᠷᠢᠶ᠎ᠠ ᠲᠠᠢ ᠨᠡᠶᠢᠯᠡᠵᠦ᠂ ᠨᠢᠭᠡᠳᠦᠭᠡᠷ ᠰᠣᠮᠣᠨ ᠤ ᠠᠬᠠᠮᠠᠳ ᠳᠣᠰᠠᠯᠠᠭᠴᠢ᠂ ᠰᠣᠮᠣᠨ ᠳᠠᠷᠤᠭ᠎ᠠ ᠪᠣᠯᠵᠠᠢ᠃         1945 ᠣᠨ ᠤ 3 ᠰᠠᠷ᠎ᠠ ᠳᠤ ᠮᠢᠩᠭᠠᠨ ᠬᠤᠰᠢᠭᠤᠨ ᠳᠠᠭᠠᠨ ᠰᠢᠯᠵᠢᠨ ᠢᠷᠡᠵᠦ ᠦᠷᠭᠦᠯᠵᠢᠯᠡᠨ ᠠᠮᠣᠷ  ᠢ ᠬᠠᠮᠠᠭᠠᠯᠠᠬᠤ ᠶᠡᠭᠡ ᠠᠩᠭᠢ ᠶᠢᠨ ᠰᠣᠮᠣᠨ ᠳᠠᠷᠤᠭ᠎ᠠ ᠶᠢᠨ ᠳᠣᠰᠢᠶᠠᠯ ᠢ ᠬᠠᠷᠢᠭᠤᠴᠠᠵᠠᠢ᠃ ᠲᠣᠰ ᠵᠢᠯ ᠤᠨ 8 ᠳ᠋ᠣᠭᠠᠷ ᠰᠠᠷ᠎ᠠ ᠳᠤ ᠵᠥᠪᠯᠡᠯᠲᠦ ᠮᠣᠩᠭᠤᠯ ᠤᠨ ᠬᠤᠯᠪᠣᠭᠠᠲᠤ ᠴᠡᠷᠢᠭ ᠳᠣᠯᠣᠨᠨᠠᠭᠤᠷ ᠳᠤ ᠣᠷᠣᠵᠤ᠂ ᠰᠢᠯᠣᠭᠤᠨ ᠬᠥᠬᠡ ᠬᠤᠰᠢᠭᠤ ᠶᠢ ᠴᠢᠯᠦᠭᠡᠯᠡᠵᠡᠢ᠃ ᠣᠩᠭᠤᠢ ᠵᠥᠪᠯᠡᠯᠲᠦ ᠮᠣᠩᠭᠤᠯ ᠤᠨ ᠬᠤᠯᠪᠣᠭᠠᠲᠤ ᠴᠡᠷᠢᠭ ᠲᠤ ᠵᠡᠪᠰᠡᠭ ᠢᠶᠠᠨ ᠬᠠᠶᠠᠨ ᠪᠠᠭᠤᠨ ᠥᠭᠭᠦᠭᠰᠡᠨ ᠤ ᠳᠠᠷᠠᠭ᠎ᠠ ᠭᠡᠷ ᠲᠡᠭᠡᠨ ᠬᠠᠷᠢᠵᠠᠢ᠃ 1945 ᠣᠨ ᠤ 9 ᠰᠠᠷ᠎ᠠ ᠠᠴᠠ ᠮᠢᠩᠭᠠᠨ ᠬᠤᠰᠢᠭᠤᠨ ᠤ 6 ᠳ᠋ᠣᠭᠠᠷ ᠰᠣᠮᠣᠨ ᠤ ᠵᠠᠩᠭᠢ ᠶᠢᠨ ᠳᠣᠰᠢᠶᠠᠯ ᠢ ᠬᠠᠷᠢᠭᠤᠴᠠᠪᠠ᠃ 11 ᠳ᠋ᠣᠭᠡᠷ ᠰᠠᠷ᠎ᠠ ᠳᠤ ᠮᠢᠩᠭᠠᠨ ᠬᠤᠰᠢᠭᠤᠨ ᠤ ᠡᠯ᠎ᠡ ᠰᠣᠮᠣᠨ ᠤ ᠠᠷᠠᠳ ᠤᠨ ᠵᠠᠰᠠᠭ ᠤᠨ ᠠᠷᠠᠳᠴᠢᠯᠠᠯ ᠲᠥᠪᠯᠡᠷᠡᠯ ᠤᠨ ᠠᠷᠠᠳ ᠤᠨ ᠲᠥᠯᠦᠭᠡᠯᠡᠭᠴᠢᠳ ᠤᠨ ᠬᠤᠷᠠᠯ ᠳᠡᠭᠡᠷ᠎ᠡ ᠮᠢᠩᠭᠠᠨ ᠬᠤᠰᠢᠭᠤᠨ ᠤ 6 ᠳ᠋ᠣᠭᠠᠷ ᠰᠣᠮᠣᠨ ᠤ ᠰᠣᠮᠣᠨ ᠳᠠᠷᠤᠭ᠎ᠠ ᠪᠠᠷ ᠰᠣᠩᠭᠤᠭᠳᠠᠪᠠ᠃         1946 ᠣᠨ ᠳᠤ ᠮᠢᠩᠭᠠᠨ ᠬᠤᠰᠢᠭᠤᠨ ᠤ 6 ᠳ᠋ᠣᠭᠠᠷ ᠰᠣᠮᠣᠨ ᠤ ᠰᠠᠯᠪᠣᠷᠢ ᠬᠤᠷᠠᠯ ᠤᠨ ᠳᠠᠷᠤᠭ᠎ᠠ᠂ ᠮᠢᠩᠭᠠᠨ ᠬᠤᠰᠢᠭᠤᠨ ᠤ ᠣᠷᠣᠨ ᠨᠣᠲᠤᠭ ᠤᠨ ᠴᠡᠷᠢᠭ ᠠᠩᠭᠢ ᠶᠢᠨ 80 ᠳ᠋ᠣᠭᠠᠷ ᠬᠤᠷᠢᠶᠠᠨ ᠤ ᠳᠡᠳ᠋ ᠳᠠᠷᠤᠭ᠎ᠠ ᠪᠠᠶᠢᠵᠠᠢ᠃ ᠣᠩᠭᠤᠢ ᠮᠢᠩᠭᠠᠨ ᠬᠤᠰᠢᠭᠤᠨ ᠤ 80 ᠳ᠋ᠣᠭᠠᠷ ᠬᠤᠷᠢᠶ᠎ᠠ ᠪᠠᠨ ᠳᠠᠶᠢᠴᠢᠯᠠᠨ ᠬᠠᠪᠢᠷᠭ᠎ᠠ᠂ ᠪᠣᠱᠣᠣᠳᠠᠢ ᠶᠢ ᠬᠠᠮᠠᠭᠠᠯᠠᠬᠤ ᠪᠠᠶᠢᠯᠳᠣᠭᠠᠨ ᠳᠤ ᠣᠷᠣᠯᠴᠠᠨ᠂ ᠭᠤᠮᠢᠨᠳᠠᠩ ᠤᠨ ᠴᠡᠷᠢᠭ ᠠᠩᠭᠢ ᠶᠢᠨ ᠳᠠᠭᠠᠷᠢᠯᠲᠠ ᠶᠢ ᠬᠤᠷᠢᠭᠯᠠᠨ ᠵᠣᠭᠰᠣᠭᠠᠵᠤ᠂ ᠮᠢᠩᠭᠠᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠬᠠᠮᠠᠭᠠᠯᠠᠨ᠂ ᠴᠠᠬᠠᠷ ᠬᠤᠪᠢᠰᠬᠠᠯ ᠤᠨ ᠰᠠᠭᠤᠷᠢᠨ ᠭᠠᠵᠠᠷ ᠢ ᠪᠠᠶᠢᠭᠤᠯᠬᠤ ᠳᠤ ᠭᠠᠪᠢᠶ᠎ᠠ ᠵᠢᠳᠬᠦᠯ ᠦᠵᠡᠭᠦᠯᠦᠭᠰᠡᠨ ᠶᠣᠮ᠃         1947 ᠣᠨ ᠤ ᠪᠢᠯᠢᠭ ᠤᠨ ᠣᠯᠠᠷᠢᠯ ᠤᠨ 9 ᠰᠠᠷ᠎ᠠ ᠶᠢᠨ 15 ᠤ ᠡᠳᠦᠷ ᠮᠢᠩᠭᠠᠨ ᠬᠤᠰᠢᠭᠤᠨ ᠤ 80 ᠳ᠋ᠣᠭᠠᠷ ᠬᠤᠷᠢᠶ᠎ᠠ ᠴᠠᠭᠠᠨ ᠣᠰᠤ ᠳᠤ ᠴᠡᠷᠢᠭ ᠢᠶᠠᠨ ᠴᠡᠭᠴᠡᠯᠡᠵᠦ ᠪᠠᠶᠢᠲᠠᠯ᠎ᠠ ᠭᠡᠨᠡᠳᠲᠡ ᠲᠠᠩᠭ᠎ᠠ ᠭᠡᠳᠡᠭ ᠬᠤᠲᠠᠨ  ᠤ ᠬᠢᠨᠢ ᠬᠦᠮᠦᠨ ᠢᠷᠡᠵᠦ᠂ ᠣᠩᠭᠤᠢ ᠳᠡᠳ᠋ ᠬᠤᠷᠢᠶᠠᠨ ᠳᠠᠷᠤᠭ᠎ᠠ ᠲᠠᠢ ᠣᠴᠠᠷᠠᠨ᠂ ︽ᠴᠢᠨᠤ ᠭᠡᠷᠭᠡᠢ ᠴᠢᠨᠢ ᠬᠦᠨᠳᠦ ᠡᠪᠡᠳᠴᠢᠯᠡᠵᠡᠢ᠂ ᠦᠬᠦᠮᠡᠷ ᠪᠠᠶᠢᠨ᠎ᠠ᠂ ᠲᠦᠷᠭᠡᠨ ᠭᠡᠷ ᠲᠡᠭᠡᠨ ᠬᠠᠷᠢᠵᠤ ᠡᠮᠴᠢᠯᠡᠭᠦᠯᠡ︾ ᠭᠡᠵᠦ ᠳᠣᠷᠵᠢᠶᠦ᠋ᠩᠷᠦ᠋ᠩ ᠬᠤᠷᠢᠶᠠᠨ ᠳᠠᠷᠤᠭ᠎ᠠ ᠠᠴᠠ ᠨᠢ ᠴᠢᠯᠦᠭᠡ ᠠᠪᠣᠭᠤᠯᠵᠤ᠂ ᠬᠤᠶᠠᠷ ᠬᠠᠮᠠᠭᠠᠯᠠᠭᠴᠢ ᠴᠡᠷᠢᠭ ᠤᠨ ᠬᠠᠮᠲᠤ ᠭᠡᠷ ᠲᠡᠭᠡᠨ ᠬᠠᠷᠢᠵᠤ᠂ ᠮᠡᠬᠡᠯᠡᠭᠳᠡᠭᠰᠡᠨ ᠢᠶᠠᠨ ᠮᠡᠳᠡᠭᠰᠡᠨ ᠪᠣᠯᠪᠠᠴᠤ᠂ ᠭᠡᠷ ᠡᠷᠦᠬᠡ ᠪᠠᠨ ᠰᠦᠢᠳᠭᠡᠬᠦ ᠦᠭᠡᠢ ᠪᠠᠶᠢᠳᠠᠯ ᠳᠣᠣᠷ᠎ᠠ ᠭᠤᠮᠢᠨᠳᠠᠩ ᠢ ᠳᠠᠭᠠᠪᠠ᠃          ᠰᠦᠨ ᠯᠠᠨ ᠹᠧᠩ᠂ ᠣᠶᠣᠨᠪᠢᠯᠢᠭ᠌ ᠠᠪᠣᠭᠠᠢ ᠲᠠᠢ ᠠᠭᠤᠯᠵᠠᠵᠤ ᠮᠢᠩᠭᠠᠨ ᠬᠤᠰᠢᠭᠤᠨ ᠤ ᠣᠷᠣᠨ ᠨᠣᠲᠤᠭ ᠤᠨ ᠶᠡᠷᠦᠩᠬᠡᠢ ᠴᠡᠷᠢᠭ ᠠᠩᠭᠢ ᠶᠢᠨ ᠬᠤᠷᠠᠩᠲᠠ᠂ ᠬᠤᠷᠢᠶᠠᠨ ᠳᠠᠷᠤᠭ᠎ᠠ᠂ ᠴᠠᠬᠠᠷ ᠵᠡᠭᠦᠨ ᠭᠠᠷ ᠤᠨ ᠲᠠᠪᠣᠨ ᠬᠤᠰᠢᠭᠤᠨ ᠤ ᠨᠢᠭᠡᠳᠦᠭᠡᠷ ᠶᠡᠭᠡ ᠠᠩᠭᠢ ᠶᠢᠨ ᠳᠠᠷᠤᠭ᠎ᠠ ᠶᠢ ᠳᠠᠪᠬᠤᠷᠯᠠᠨ ᠬᠠᠷᠢᠭᠤᠴᠠᠬᠤ ᠪᠠᠷ ᠪᠣᠯᠵᠤ᠂ ᠴᠢᠭᠤᠯᠣᠯᠲᠤ ᠬᠠᠭᠠᠯᠭ᠎ᠠ ᠳᠠᠬᠢ ᠴᠡᠷᠢᠭ ᠤᠨ ᠰᠧᠯᠢᠩᠪᠦ᠋ ᠠᠴᠠ ᠴᠡᠷᠢᠭ ᠤᠨ ᠫᠣᠤ ᠰᠣᠮᠣ᠂ ᠡᠳ᠋ ᠬᠡᠷᠡᠭᠰᠡᠯ ᠠᠪᠴᠤ ᠪᠣᠣᠴᠠᠩ ᠳᠤ ᠢᠷᠡᠵᠦ ᠡᠭᠦᠷᠭᠡ ᠭᠦᠢᠴᠡᠳᠭᠡᠬᠦ ᠪᠣᠯᠣᠭᠰᠠᠨ ᠨᠢ ᠣᠩᠭᠤᠢ ᠳᠡᠳ᠋ ᠬᠤᠷᠢᠶᠠᠨ ᠳᠠᠷᠤᠭ᠎ᠠ ᠳᠠᠶᠢᠰᠣᠨ ᠳᠤ ᠪᠠᠭᠤᠵᠤ ᠣᠷᠪᠠᠭᠰᠠᠨ ᠶᠠᠪᠣᠴᠠ ᠪᠣᠯᠣᠨ᠎ᠠ᠃         1949 ᠣᠨ ᠳᠤ ᠳᠡᠮᠴᠣᠭ᠍ᠳᠣᠩᠷᠣᠪ ︵ᠳ᠋ᠧ ᠸᠠᠩ︶ ᠣᠩᠭᠤᠢ ᠲᠡᠳᠡᠨ ᠢ ᠳᠠᠭᠠᠭᠤᠯᠣᠨ ᠠᠯᠠᠱᠠ ᠶᠢᠨ ᠭᠤᠷᠣᠬᠠᠢ ᠨᠠᠭᠤᠷ ᠭᠡᠬᠦ ᠭᠠᠵᠠᠷ ᠬᠦᠷᠦᠭᠡᠳ ᠳ᠋ᠧ ᠸᠠᠩ ᠥᠪᠡᠷ ᠢᠶᠠᠨ ᠮᠣᠩᠭᠤᠯ ᠳᠤ ᠣᠴᠢᠭᠰᠠᠨ ᠶᠣᠮ᠃ ᠲᠣᠰ ᠵᠢᠯ  ᠤᠨ 12 ᠰᠠᠷ᠎ᠠ ᠳᠤ ᠳ᠋ᠧ ᠸᠠᠩ ᠥᠪᠡᠷ ᠤᠨ ᠨᠡᠷ᠎ᠡ ᠪᠠᠷ ᠢᠶᠠᠨ ᠯᠢ ᠱᠸᠤ ᠰᠢᠩ᠂ ᠪᠣᠶᠠᠨᠳᠡᠯᠭᠡᠷ᠂ ᠰᠦᠬᠡᠪᠠᠭᠠᠲᠣᠷ᠂ ᠨᠣᠮᠢᠨᠪᠠᠭᠠᠲᠣᠷ ᠵᠡᠷᠭᠡ ᠲᠡᠳᠡᠨ ᠤ 11 ᠬᠦᠮᠦᠨ ᠢ ᠳᠠᠭᠤᠳᠠᠪᠠ᠃ ᠲᠡᠳᠡᠨ ᠤ 11 ᠬᠦᠮᠦᠨ ᠳ᠋ᠧ ᠸᠠᠩ ᠤᠨ ᠳᠠᠭᠤᠳᠠᠯᠭ᠎ᠠ ᠪᠠᠷ ᠮᠣᠩᠭᠤᠯ ᠤᠨ ᠬᠦᠨᠳᠡᠰᠦ ᠴᠠᠭᠠᠨ ᠠᠭᠤᠯᠠᠨ ᠳᠤ ᠬᠦᠷᠪᠡ᠂ ᠬᠡᠳᠦᠨ ᠬᠤᠨᠤᠭ ᠤᠨ ᠳᠠᠷᠠᠭ᠎ᠠ ᠮᠣᠩᠭᠤᠯ ᠤᠨ ᠴᠣᠶᠢᠵᠢᠯ ᠶᠠᠮᠣᠨ ᠤ ᠰᠠᠶᠢᠳ᠄ ᠣᠩᠭᠤᠢ ᠶᠢ ᠳᠠᠭᠤᠳᠠᠵᠤ ︽ᠴᠢᠮ᠎ᠠ ᠳᠤ ᠨᠢᠭᠡᠨ ᠴᠢᠬᠤᠯᠠ ᠡᠭᠦᠷᠭᠡ ᠥᠭᠭᠦᠶ᠎ᠡ︾ ᠭᠡᠪᠡ᠃ ︽ᠳ᠋ᠧ ᠸᠠᠩ᠂ ᠯᠢ ᠱᠸᠤ ᠰᠢᠩ ᠤᠨ ᠨᠡᠷ᠎ᠡ ᠪᠠᠷ ᠪᠢᠴᠢᠭᠰᠡᠨ ᠵᠠᠬᠢᠳᠠᠯ ᠢ ᠣᠩᠭᠤᠢ ᠳᠤ ᠥᠭᠴᠡᠢ᠂ ᠴᠢ ᠡᠨᠡ ᠬᠦ᠋ ᠵᠠᠬᠢᠳᠠᠯ ᠢ ᠠᠪᠴᠤ ᠥᠪᠦᠷ ᠮᠣᠩᠭᠤᠯ ᠳᠠᠭᠠᠨ ᠬᠠᠷᠢᠵᠤ ᠳ᠋ᠧ ᠸᠠᠩ ᠤᠨ ᠮᠣᠩᠭᠤᠯ ᠴᠡᠷᠢᠭ  ᠤᠨ ᠪᠠᠷᠠᠭᠤᠨᠰᠢ ᠳᠣᠲᠠᠭᠠᠵᠤ ᠶᠠᠪᠣᠬᠤ ᠶᠢ ᠬᠤᠷᠢᠭᠯᠠᠨ ᠵᠣᠭᠰᠣᠭᠠᠬᠤ ᠠᠵᠢᠯ ᠢ ᠬᠢᠬᠦ ᠬᠡᠷᠡᠭᠲᠡᠢ᠂ ᠲᠡᠳᠡᠭᠡᠷ ᠮᠣᠩᠭᠤᠯ ᠴᠡᠷᠢᠭ ᠰᠢᠨᠵᠢᠶᠠᠩ ᠢᠶᠠᠷ ᠳᠠᠮᠵᠢᠵᠤ ᠠᠹᠭᠠᠨᠢᠰᠲ᠋ᠠᠨ ᠬᠦᠷᠴᠦ ᠠᠮᠧᠷᠢᠺᠠ ᠲᠠᠢ ᠰᠦᠯᠪᠡᠭᠡᠯᠡᠨ ᠳᠡᠯᠡᠬᠡᠢ ᠳᠡᠭᠡᠷ᠎ᠡ ᠳᠡᠪᠵᠢᠶᠡᠨ ᠭᠠᠷᠭᠠᠬᠤ ᠭᠡᠵᠦ ᠪᠠᠶᠢᠨ᠎ᠠ᠃ ᠣᠩᠭᠤᠢ ᠳᠤ᠂ ᠲᠡᠳᠡᠭᠡᠷ ᠬᠦᠮᠦᠰ ᠲᠤ ︿ᠮᠣᠩᠭᠤᠯ ᠣᠯᠣᠰ ᠠᠴᠠ ᠬᠡᠯᠡᠵᠦ ᠪᠠᠶᠢᠨ᠎ᠠ﹀᠂ ᠲᠡᠳᠡᠨ ᠳᠤ ︿ᠳᠣᠮᠳᠠᠳᠤ ᠣᠯᠣᠰ ᠤᠨ ᠠᠷᠠᠳ ᠤᠨ ᠴᠢᠯᠦᠭᠡᠯᠡᠬᠦ ᠴᠡᠷᠢᠭ ᠲᠤ ᠣᠷᠣᠵᠤ ᠥᠭᠬᠦ ᠠᠴᠠ ᠥᠭᠡᠷ᠎ᠡ ᠵᠥᠪ ᠵᠠᠮ ᠦᠭᠡᠢ﹀ ᠶᠢ ᠬᠡᠯᠡᠵᠦ ᠥᠭᠭᠦᠭᠡᠷᠡᠢ︾ ᠭᠡᠵᠡᠢ᠃ ᠢᠩᠭᠢᠭᠡᠳ ᠣᠩᠭᠤᠢ ᠶᠢ ᠮᠣᠩᠭᠤᠯ ᠤᠨ ᠲᠣᠨᠢᠳ ᠭᠡᠳᠡᠭ ᠬᠦᠮᠦᠨ ᠲᠠᠢ ᠶᠠᠪᠣᠭᠤᠯᠪᠠ᠃ ᠣᠩᠭᠤᠢ ᠥᠪᠦᠷ ᠮᠣᠩᠭᠤᠯ ᠳᠠᠭᠠᠨ ᠪᠣᠴᠠᠵᠤ ᠢᠷᠡᠭᠡᠳ ᠳ᠋ᠧ ᠸᠠᠩ᠂ ᠯᠢ ᠱᠸᠤ ᠰᠢᠩ ᠤᠨ ᠵᠠᠬᠢᠳᠠᠯ ᠢ ᠦᠵᠡᠭᠦᠯᠵᠦ ᠪᠠᠷᠠᠭᠤᠨᠰᠢ ᠬᠢᠯᠢ ᠭᠠᠷᠬᠤ ᠪᠠᠷ ᠪᠠᠶᠢᠭᠰᠠᠨ ᠮᠣᠩᠭᠤᠯ ᠴᠡᠷᠢᠭ ᠵᠠᠰᠠᠭ  ᠤᠨ ᠬᠦᠮᠦᠰ ᠲᠤ ᠪᠠᠭᠤᠵᠤ ᠥᠭᠬᠦ ᠠᠵᠢᠯ ᠢ ᠬᠢᠪᠡ᠃ ᠮᠣᠩᠭᠤᠯ ᠤᠨ ᠲᠣᠨᠢᠳ ᠭᠡᠳᠡᠭ ᠬᠦᠮᠦᠨ ᠢ ᠨᠢᠭᠡ ᠯᠡ ᠬᠤᠨᠣᠭᠤᠯᠣᠭᠠᠳ ᠬᠢᠯᠢ ᠳᠤ ᠬᠦᠷᠭᠡᠨ ᠪᠣᠴᠠᠭᠠᠭᠰᠠᠨ᠃ ᠭᠡᠬᠦ ᠳᠤ ᠵᠠᠷᠢᠮ ᠨᠢ ︽ᠣᠩᠭᠤᠢ ᠪᠢᠳᠡᠨ ᠢ ᠬᠤᠳᠠᠯᠳᠣᠪᠠ︾ ᠭᠡᠵᠦ ᠠᠭᠤᠷᠯᠠᠵᠤ ᠪᠠᠶᠢᠭᠰᠠᠨ᠂ ᠳ᠋ᠧ ᠸᠠᠩ ᠤᠨ ᠮᠣᠩᠭᠤᠯ ᠴᠡᠷᠢᠭ ᠤᠨ ᠰᠠᠭᠠᠷᠠ ᠬᠤᠷᠢᠶᠠᠨ ᠳᠠᠷᠤᠭ᠎ᠠ ᠣᠩᠭᠤᠢ ᠶᠢ ᠠᠯᠠᠨ᠎ᠠ ᠭᠡᠵᠦ ᠪᠠᠶᠢᠪᠠ᠃ ᠭᠡᠪᠡᠴᠦ ᠭᠠᠷ ᠬᠥᠳᠡᠯᠵᠦ ᠴᠢᠳᠠᠭᠰᠠᠨ ᠦᠭᠡᠢ ᠶᠣᠮ ᠭᠡᠨ᠎ᠡ᠃ ᠵᠠᠭᠤ ᠭᠠᠷᠣᠢ ᠴᠡᠷᠢᠭ ᠳᠠᠭᠠᠭᠤᠯᠣᠨ ᠳᠣᠰᠠᠭᠠᠷ ᠲᠤᠭ ᠪᠣᠰᠬᠠᠨ ᠶᠠᠪᠣᠭᠰᠠᠨ ᠪᠣᠰᠣᠳ ᠮᠢᠩᠭ᠎ᠠ ᠭᠠᠷᠣᠢ ᠴᠡᠷᠢᠭ ᠵᠠᠰᠠᠭ ᠤᠨ ᠬᠦᠮᠦᠰ ᠨᠢ ︽ᠳᠣᠮᠳᠠᠳᠤ ᠣᠯᠣᠰ ᠤᠨ ᠠᠷᠠᠳ ᠤᠨ ᠴᠢᠯᠦᠭᠡᠯᠡᠬᠦ ᠴᠡᠷᠢᠭ︾ ᠳᠤ ᠵᠡᠪᠰᠡᠭᠲᠦ ᠪᠣᠰᠣᠯᠭ᠎ᠠ ᠭᠠᠷᠭᠠᠨ ᠪᠠᠭᠤᠵᠤ ᠥᠭᠴᠡᠢ᠃ ᠣᠩᠭᠤᠢ ᠡᠭᠦᠷᠭᠡ ᠪᠠᠨ ᠪᠡᠶᠡᠯᠡᠭᠦᠯᠦᠭᠡᠳ ᠪᠣᠴᠠᠵᠤ ᠮᠣᠩᠭᠤᠯ ᠣᠯᠣᠰ ᠲᠤ ᠣᠴᠢᠬᠤ ᠳᠤ ᠣᠩᠭᠤᠢ ᠶᠢ ᠶᠡᠭᠡ ᠭᠠᠪᠢᠶ᠎ᠠ ᠪᠠᠶᠢᠭᠤᠯᠪᠠ᠂ ᠳᠣᠮᠳᠠᠳᠤ ᠮᠣᠩᠭᠤᠯ ᠬᠤᠶᠠᠷ ᠣᠯᠣᠰ ᠤᠨ ᠲᠠᠯ᠎ᠠ ᠶᠢᠨ ︽ᠵᠥᠪᠰᠢᠶᠡᠷᠡᠬᠦ ᠳᠣᠭᠲᠠᠭᠠᠯ︾ ᠭᠠᠷᠭᠠᠬᠤ ᠳᠡᠭᠡᠷ᠎ᠡ ᠭᠠᠪᠢᠶ᠎ᠠ ᠵᠢᠳᠬᠦᠯ ᠪᠠᠶᠢᠭᠤᠯᠣᠭᠰᠠᠨ ᠶᠣᠮ ᠭᠡᠳ ᠮᠣᠩᠭᠤᠯ ᠣᠯᠣᠰ ᠤᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠣᠷᠭᠤᠮᠠᠯ ᠢ ᠰᠣᠳᠣᠯᠬᠤ ᠭᠠᠵᠠᠷ ᠲᠤ ᠠᠵᠢᠯᠯᠠᠭᠤᠯᠵᠠᠢ᠃         1956 ᠣᠨ ᠳᠤ ᠳᠣᠮᠳᠠᠳᠤ ᠣᠯᠣᠰ ᠤᠨ ᠬᠠᠯᠬ᠎ᠠ ᠮᠣᠩᠭᠤᠯ ᠳᠤ ᠲᠥᠮᠡᠨ ᠪᠠᠷᠢᠯᠭ᠎ᠠ ᠶᠢᠨ ᠠᠵᠢᠯᠴᠢᠨ ᠣᠴᠢᠵᠤ ᠣᠯᠠᠭᠠᠨᠪᠠᠭᠠᠲᠣᠷ ᠢ ᠪᠥᠲᠦᠭᠡᠨ ᠪᠠᠶᠢᠭᠤᠯᠬᠤ ᠺᠣᠮᠫᠠᠨᠢ ᠳᠤ ᠣᠷᠴᠢᠭᠤᠯᠣᠭᠴᠢ ᠪᠠᠷ ᠠᠵᠢᠯᠯᠠᠭᠤᠯᠪᠠ᠃         1958 ᠣᠨ ᠤ 10 ᠰᠠᠷ᠎ᠠ ᠶᠢᠨ 5 ᠤ ᠡᠳᠦᠷ ᠣᠩᠭᠤᠢ ᠶᠢ ᠳᠣᠮᠳᠠᠳᠤ ᠣᠯᠣᠰ ᠠᠴᠠ ᠨᠡᠬᠡᠮᠵᠢᠯᠡᠵᠦ ᠪᠠᠷᠢᠪᠴᠢᠯᠠᠭᠤᠯᠪᠠ᠃ ᠮᠣᠩᠭᠤᠯ ᠣᠯᠣᠰ ᠤᠨ ᠨᠢᠭᠡ ᠬᠤᠷᠠᠩᠲᠠ᠂ ᠨᠢᠭᠡ ᠬᠤᠰᠢᠭᠤᠴᠢ ᠴᠡᠷᠢᠭ ᠤᠨ ᠳᠠᠷᠤᠭ᠎ᠠ ᠡᠷᠢᠶᠡᠨ ᠬᠤᠲᠠ ᠶᠢᠨ ᠳᠣᠲᠣᠭᠠᠲᠤ ᠶᠢ ᠬᠠᠮᠠᠭᠠᠯᠠᠬᠤ ᠳᠣᠪᠴᠢᠶ᠎ᠠ ᠳᠤ ᠬᠦᠷᠭᠡᠵᠡᠢ᠃ ᠡᠷᠢᠶᠡᠨ ᠬᠤᠲᠠ ᠶᠢᠨ ᠳᠣᠲᠣᠭᠠᠳᠤ ᠶᠢ ᠬᠠᠮᠠᠭᠠᠯᠠᠬᠤ ᠳᠣᠪᠴᠢᠶ᠎ᠠ ᠳᠠᠬᠢᠨ ᠥᠪᠦᠷ ᠮᠣᠩᠭᠤᠯ ᠤᠨ ᠳᠣᠲᠣᠭᠠᠳᠤ ᠶᠢ ᠬᠠᠮᠠᠭᠠᠯᠠᠬᠤ ᠲᠢᠩᠬᠢᠮ  ᠳᠤ ᠬᠦᠷᠭᠡᠨ ᠬᠥᠬᠡᠬᠤᠲᠠ ᠶᠢᠨ ᠭᠢᠨᠳᠠᠨ ᠳᠤ ᠬᠤᠷᠢᠵᠠᠢ᠃         ᠣᠩᠭᠤᠢ ᠶᠢ ᠳᠡᠮᠡᠢ ᠣᠳᠠᠯ ᠦᠭᠡᠢ ᠥᠪᠦᠷ ᠮᠣᠩᠭᠤᠯ ᠤᠨ ᠳᠣᠲᠣᠭᠠᠳᠤ ᠶᠢ ᠬᠠᠮᠠᠭᠠᠯᠠᠬᠤ ᠲᠢᠩᠬᠢᠮ ᠠᠴᠠ ᠬᠦᠮᠦᠨ ᠢᠷᠡᠵᠦ ︽ᠲᠠᠨ ᠤ ᠪᠠᠶᠢᠳᠠᠯ ᠢ ᠪᠢᠳᠡ ᠪᠥᠷ ᠮᠡᠳᠡᠨ᠎ᠡ᠂ ᠲᠠ ᠬᠤᠪᠢᠰᠬᠠᠯ ᠳᠤ ᠳᠣᠰᠠᠲᠠᠢ ᠠᠵᠢᠯ ᠬᠢᠵᠡᠢ᠂ ᠶᠠᠯ᠎ᠠ ᠦᠭᠡᠢ᠂ ᠲᠠᠨ ᠳᠤ ᠰᠢᠢᠳᠬᠡᠯ ᠦᠭᠡᠢ︾ ᠬᠡᠮᠡᠨ ᠰᠣᠯᠠᠯᠠᠨ ᠲᠠᠯᠪᠢᠵᠤ ᠶᠠᠪᠣᠭᠤᠯᠪᠠ᠃ ᠡᠨᠡ ᠳᠠᠰᠢᠷᠠᠮ ᠳᠤ ᠨᠣᠲᠤᠭ ᠲᠠᠭᠠᠨ ᠪᠣᠴᠠᠵᠤ ᠢᠷᠡᠭᠡᠳ ᠨᠢᠭᠡ ᠬᠤᠭᠤᠴᠠᠭ᠎ᠠ ᠠᠮᠠᠷᠠᠵᠤ ᠰᠠᠭᠤᠪᠠ᠃ 1959 ᠣᠨ ᠤ 3 ᠰᠠᠷ᠎ᠠ ᠳᠤ ᠰᠢᠯᠢᠩᠬᠤᠲᠠ ᠳᠤ ᠣᠴᠢᠵᠤ ᠠᠵᠢᠯ ᠡᠷᠢᠪᠡ᠂ ᠡᠨᠡ ᠬᠤᠭᠤᠴᠠᠭᠠᠨ ᠳᠤ ᠬᠦᠨᠳᠦ ᠡᠪᠡᠳᠴᠢᠯᠡᠵᠦ ᠭᠤᠷᠪᠠᠨ ᠵᠢᠯ ᠬᠡᠪᠲᠡᠷᠢ ᠳᠤ ᠣᠷᠣᠵᠤ ᠡᠮᠴᠢᠯᠡᠭᠦᠯᠦᠨ ᠵᠠᠰᠠᠭᠤᠯᠵᠤ ᠰᠠᠶᠢᠨ ᠪᠣᠯᠣᠭᠰᠠᠨ ᠶᠣᠮ᠃ 1963 ᠣᠨ ᠤ 12 ᠰᠠᠷ᠎ᠠ ᠶᠢᠨ 5 ᠤ ᠡᠳᠦᠷ ᠣᠩᠭᠤᠢ ᠶᠢ ᠳᠠᠬᠢᠨ ᠬᠡᠨᠡᠳᠲᠡ ︽ᠳᠠᠶᠢᠨ ᠤ ᠶᠠᠯᠠᠲᠠᠨ︾ ᠭᠡᠵᠦ ᠪᠠᠷᠢᠪᠴᠢᠯᠠᠵᠤ ᠬᠥᠬᠡᠬᠤᠲᠠ ᠶᠢᠨ ᠭᠢᠨᠳᠠᠨ ᠳᠤ ᠠᠪᠠᠴᠢᠵᠤ ᠬᠤᠭᠤᠴᠠᠭ᠎ᠠ ᠦᠭᠡᠢ ᠬᠤᠷᠢᠵᠠᠢ᠃ 1966 ᠣᠨ ᠳᠤ 16 ᠵᠢᠯ ᠬᠤᠭᠤᠴᠠᠭ᠎ᠠ ᠲᠠᠢ ᠬᠤᠷᠢᠬᠤ ᠶᠠᠯ᠎ᠠ ᠪᠠᠷ ᠰᠢᠭᠦᠨ ᠳᠠᠰᠣᠯᠵᠤ ᠬᠥᠬᠡᠬᠤᠲᠠ ᠶᠢᠨ ᠬᠢᠮᠢ ᠶᠢᠨ ᠦᠢᠯᠡᠳᠪᠦᠷᠢ ᠳᠤ ᠬᠦᠷᠭᠡᠨ ᠬᠥᠳᠡᠯᠮᠦᠷᠢ ᠳᠤ ᠥᠭᠡᠷᠡᠴᠢᠯᠡᠪᠡ᠃ 1975 ᠣᠨ ᠤ 3 ᠰᠠᠷ᠎ᠠ ᠳᠤ ᠣᠩᠭᠤᠢ ᠶᠢ ᠪᠥᠭᠦᠳᠡ ᠨᠠᠶᠢᠷᠠᠮᠳᠠᠬᠤ ᠳᠣᠮᠳᠠᠳᠤ ᠠᠷᠠᠳ ᠣᠯᠣᠰ  ᠤᠨ ᠠᠷᠠᠳ ᠤᠨ ᠲᠥᠯᠦᠭᠡᠯᠡᠭᠴᠢᠳ ᠤᠨ ᠳᠥᠷᠪᠡᠳᠦᠭᠡᠷ ᠣᠳᠠᠭᠠᠨ ᠤ ᠬᠤᠶᠠᠳᠠᠬᠢ ᠪᠠᠶᠢᠩᠭᠤ ᠶᠢᠨ ᠬᠤᠷᠢᠶᠠᠨ ᠤ ᠬᠤᠷᠠᠯᠳᠣᠭᠠᠨ ᠤ ᠳᠣᠭᠲᠠᠭᠠᠯ ᠢᠶᠠᠷ ᠭᠤᠮᠢᠨᠳᠠᠩ ᠤᠨ ᠨᠠᠮ᠂ ᠲᠥᠷᠦ᠂ ᠴᠡᠷᠢᠭ ᠤᠨ ᠰᠢᠶᠠᠨ ᠬᠤᠷᠢᠶ᠎ᠠ ᠱᠠᠲᠣᠨ ᠠᠴᠠ ᠳᠡᠭᠡᠭᠰᠢ ᠳᠠᠶᠢᠨ ᠤ ᠶᠠᠯᠠᠲᠠᠨ ᠤ ︽ᠣᠨᠴᠠ ᠠᠭᠤᠴᠢᠯᠠᠯ︾ ᠢᠶᠠᠷ ᠨᠣᠲᠤᠭ ᠲᠤᠨᠢ ᠪᠣᠴᠠᠭᠠᠨ ᠶᠠᠪᠣᠭᠤᠯᠵᠤ ᠬᠥᠳᠡᠯᠮᠦᠷᠢ ᠬᠢᠯᠭᠡᠵᠡᠢ᠃         1986 ᠣᠨ ᠳᠤ ᠣᠩᠭᠤᠢ ᠰᠢᠯᠣᠭᠤᠨ ᠬᠥᠬᠡ ᠬᠤᠰᠢᠭᠤᠨ ᠤ ᠣᠯᠣᠰ ᠲᠥᠷᠦ ᠶᠢᠨ ᠵᠥᠪᠯᠡᠯᠭᠡᠨ ᠤ ᠬᠤᠶᠠᠳᠣᠭᠠᠷ ᠬᠤᠭᠤᠴᠠᠭᠠᠨ ᠤ ᠭᠤᠷᠪᠠᠳᠣᠭᠠᠷ ᠬᠤᠷᠠᠯ ᠳᠡᠭᠡᠷ᠎ᠡ ᠣᠯᠣᠰ ᠲᠥᠷᠦ ᠶᠢᠨ ᠵᠥᠪᠯᠡᠯᠭᠡᠨ ᠤ ᠭᠡᠰᠢᠭᠦᠨ ᠢᠶᠠᠷ ᠰᠣᠩᠭᠤᠭᠳᠠᠪᠠ᠃         2004 ᠣᠨ ᠤ 2 ᠰᠠᠷ᠎ᠠ ᠶᠢᠨ 8 ᠤ ᠡᠳᠦᠷ ᠬᠦᠢᠰᠦ ᠶᠢᠨ ᠭᠤᠣᠯ ᠭᠠᠴᠠᠭᠠᠨ ᠤ ᠭᠡᠷ ᠲᠡᠭᠡᠨ ᠨᠠᠰᠤ ᠪᠠᠷᠠᠵᠠᠢ᠃ ᠲᠣᠰ ᠵᠢᠯ 94 ᠨᠠᠰᠣᠲᠠᠢ᠃         ᠣᠩᠭᠤᠢ᠂ 2004 ᠣᠨ ᠳᠤ ︽ᠰᠢᠯᠣᠭᠤᠨ ᠬᠥᠬᠡ ᠬᠤᠰᠢᠭᠤᠨ ᠤ ᠣᠶᠢᠯᠯᠭ᠎ᠠ︾ ᠭᠡᠬᠦ ᠨᠣᠮ ᠳᠤ ᠲᠡᠮᠳᠡᠭᠯᠡᠭᠳᠡᠵᠡᠢ᠃︽ᠰᠢᠯᠣᠭᠤᠨ ᠬᠥᠬᠡ ᠶᠢᠨ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号