| ᠳᠠᠰᠢᠵᠠᠪ ︵1911~1945 ᠣᠨ︶᠂ ᠥᠭᠡᠯᠡᠳ ᠣᠪᠣᠭ ᠲᠠᠢ ᠣᠬᠠᠭᠠᠨᠲᠤ ᠶᠢᠨ ᠳᠠᠰᠢᠵᠠᠪ | 1911 ᠣᠨ ︵ᠴᠠᠭᠠᠭᠴᠢᠨ ᠭᠠᠭ᠋ᠠᠢ ᠵᠢᠯ︶ ᠰᠢᠷᠡᠭᠡᠲᠦ ᠭᠡᠭᠡᠨ ᠱᠠᠪᠢᠨᠠᠷ ᠤᠨ ᠣᠨᠠᠭᠠᠨ ᠨᠣᠲᠤᠭ ᠬᠠᠯᠢᠭᠤᠲᠠᠢ ᠳᠤ | ᠲᠥᠷᠦᠵᠡᠢ᠃ ᠡᠵᠢ ᠨᠢ ᠵᠢᠩᠪᠤ ᠡᠬᠡ ᠪᠠᠷᠢᠶᠠᠴᠢ᠂ ᠰᠠᠶᠢᠨ ᠶᠠᠰᠤ ᠪᠠᠷᠢᠶᠠᠴᠢ ᠭᠡᠨ᠎ᠡ᠃ ᠣᠬᠠᠭᠠᠨᠲᠤ ᠶᠢᠨ ᠬᠢᠨ ᠣᠣᠯ | ᠠᠴᠠ ᠶᠠᠳᠠᠭᠤᠯᠢᠭ ᠠᠮᠢᠳᠣᠷᠠᠯ ᠲᠠᠢ ᠮᠠᠯᠴᠢᠨ ᠡᠷᠦᠬᠡ ᠪᠣᠯᠬᠤᠷ ᠣᠣᠭᠠᠨ ᠬᠥᠪᠡᠭᠦᠨ ᠳᠠᠰᠢᠵᠠᠪ ᠢᠶᠠᠨ ᠡᠷᠳᠡᠮ ᠨᠣᠮ | ᠤᠨ ᠡᠭᠦᠳᠡᠨ ᠳᠤ ᠬᠦᠷᠭᠡᠵᠦ ᠴᠢᠳᠠᠭ᠎ᠠ ᠦᠭᠡᠢ ᠪᠠᠶᠢᠵᠠᠢ᠃ ᠬᠠᠷ᠎ᠠ ᠪᠠᠭ᠎ᠠ ᠠᠴᠠ ᠪᠠᠨ ᠨᠣᠮ ᠰᠣᠲᠣᠷ ᠲᠠᠢ | ᠲᠠᠨᠢᠯᠴᠠᠭᠰᠠᠨ ᠦᠭᠡᠢ ᠪᠢᠯᠢᠭ ᠣᠬᠠᠭᠠᠨ ᠰᠡᠷᠭᠦᠯᠡᠩ ᠲᠥᠷᠦᠭᠰᠡᠨ ᠳᠠᠰᠢᠵᠠᠪ ᠳᠣᠯᠤᠭ᠎ᠠ ᠨᠠᠢᠮᠠᠨ ᠨᠠᠰᠣᠨ ᠠᠴᠠ ᠪᠠᠨ | ᠡᠪᠦᠭᠡᠳ ᠬᠥᠭᠰᠢᠳ ᠠᠴᠠ ᠦᠯᠢᠭᠡᠷ ᠳᠣᠮᠤᠭ ᠰᠣᠨᠣᠰᠣᠨ᠂ ᠵᠦᠢᠷ ᠰᠡᠴᠡᠨ ᠦᠭᠡ᠂ ᠣᠨᠢᠰᠤᠭ᠎ᠠ᠂ ᠬᠤᠯᠪᠣᠭ᠎ᠠ | ᠴᠡᠭᠡᠵᠢᠯᠡᠨ ᠠᠮᠠᠨ ᠲᠠᠷᠨᠢ ᠮᠡᠲᠦ ᠲᠣᠷᠬᠤ ᠦᠭᠡᠢ ᠲᠣᠳᠤ ᠰᠠᠶᠢᠬᠠᠨ ᠣᠩᠰᠢᠳᠠᠭ ᠪᠠᠶᠢᠵᠠᠢ᠃ | ᠠᠷᠠᠳ ᠤᠨ ᠠᠮᠠᠨ ᠵᠣᠬᠢᠶᠠᠯ᠂ ᠰᠡᠴᠡᠨ ᠦᠭᠡ᠂ ᠬᠤᠱᠣᠩ ᠬᠤᠯᠪᠣᠭ᠎ᠠ ᠪᠠᠷ ᠣᠶᠣᠨ ᠣᠬᠠᠭᠠᠨ ᠢᠶᠠᠨ | ᠪᠣᠰᠬᠠᠭᠰᠠᠨ ᠳᠠᠰᠢᠵᠠᠪ ᠭᠤᠸᠠᠢ ᠠᠷᠪᠠ ᠶᠢᠰᠦᠨ ᠨᠠᠰᠣᠨ ᠠᠴᠠ ᠪᠠᠨ ᠬᠡᠦᠬᠡᠳ ᠤᠨ ᠣᠢ ᠶᠢ ᠮᠢᠯᠢᠶᠠᠬᠤ ᠢᠷᠦᠭᠡᠯ᠂ | ᠭᠠᠯ ᠳᠠᠬᠢᠯᠭ᠎ᠠ ᠶᠢᠨ ᠢᠷᠦᠭᠡᠯ ᠵᠡᠷᠭᠡ ᠶᠢ ᠬᠡᠯᠡᠵᠦ᠂ ᠶᠠᠪᠣᠭ᠎ᠠ ᠶᠠᠪᠣᠭᠠᠨ ᠳᠠᠭᠠᠨ ᠡᠷᠳᠡᠮ ᠰᠣᠶᠣᠯ ᠦᠭᠡᠢ ᠪᠣᠶᠢᠳᠠ | ᠪᠥᠭᠯᠡᠭᠦᠦ ᠬᠥᠳᠡᠭᠡ ᠨᠣᠲᠤᠭ ᠲᠤ ᠬᠤᠯᠠ ᠣᠶᠢᠷ᠎ᠠ ᠳᠠᠭᠠᠨ ᠠᠯᠳᠠᠷᠲᠠᠢ ᠭᠡᠷ ᠮᠢᠯᠢᠶᠠᠬᠤ᠂ ᠡᠬᠡ ᠶᠢᠨ ᠴᠠᠭᠠᠨ ᠰᠦ | ᠬᠠᠷᠢᠭᠤᠯᠠᠬᠤ᠂ ᠨᠠᠶᠢᠷ ᠤᠨ ᠪᠥᠬᠡ ᠢᠷᠦᠭᠡᠬᠦ᠂ ᠮᠣᠷᠢᠨ ᠤ ᠮᠠᠭᠲᠠᠭᠠᠯ ᠳᠠᠭᠤᠳᠠᠬᠤ ᠵᠡᠷᠭᠡ ᠢᠷᠦᠭᠡᠯ ᠮᠠᠭᠲᠠᠭᠠᠯ ᠬᠡᠯᠡᠬᠦ | ᠂ ᠬᠤᠷᠢᠮ ᠨᠠᠶᠢᠷ ᠤᠨ ᠠᠷᠪᠠᠨ ᠳᠣᠯᠣᠭᠠᠨ ᠵᠦᠢᠯ ︵ᠰᠢᠷᠡᠭᠡᠲᠦ ᠭᠡᠭᠡᠨ ᠱᠠᠪᠢᠨᠠᠷ ᠬᠤᠷᠢᠮ ᠤᠨ ᠶᠣᠰᠤ ᠶᠢ 17 | ᠲᠥᠷᠦᠯ ᠠᠩᠭᠢᠯᠠᠳᠠᠭ︶ ᠤᠨ ᠶᠣᠰᠤ ᠵᠦᠢ ᠶᠢ ᠴᠢᠳᠠᠮᠠᠭᠠᠢ ᠭᠦᠢᠴᠡᠳᠭᠡᠵᠦ ᠴᠢᠳᠠᠳᠠᠭ ᠬᠤᠷᠢᠮ ᠤᠨ ᠬᠡᠯᠡᠮᠦᠷᠢᠴᠢ | ᠪᠣᠯᠵᠠᠢ᠃ | ᠳᠠᠰᠢᠵᠠᠪ ᠬᠠᠷᠢ ᠬᠤᠰᠢᠭᠤᠨ᠎ᠠ ᠬᠤᠷᠢᠮ ᠤᠨ ᠬᠡᠯᠡᠮᠦᠷᠢᠴᠢ ᠪᠠᠷ ᠶᠠᠪᠣᠭᠠᠳ ᠨᠥᠭᠦᠭᠡ ᠲᠠᠯ᠎ᠠ ᠪᠠᠨ | ᠬᠡᠯᠡ ᠠᠮᠠ ᠪᠠᠷ ᠭᠠᠷᠲᠠᠭᠠᠵᠤ ᠢᠷᠡᠭᠰᠡᠨ ᠦᠢᠯᠡ ᠣᠯᠠᠨ ᠪᠠᠶᠢᠭ᠎ᠠ᠂ ᠠᠳᠡ ᠨᠢᠭᠡ ᠶᠢ ᠳᠣᠷᠠᠳᠪᠠᠯ ᠨᠢᠭᠡ ᠣᠳᠠᠭ᠎ᠠ | ᠬᠦᠷᠭᠡᠨ ᠬᠦᠷᠭᠡᠵᠦ ᠣᠴᠢᠭᠰᠠᠨ ︵ᠠᠪᠠᠭ᠎ᠠ ᠳ᠋ᠠ ᠸᠠᠩ ᠤᠨ ᠬᠤᠰᠢᠭᠤᠨ ᠳᠤ︶ ᠭᠡᠨ᠎ᠡ᠃ ᠱᠠᠪᠢᠨᠠᠷ ᠤᠨ ᠵᠠᠩᠰᠢᠯ | ᠢᠶᠠᠷ ᠪᠣᠯ ᠬᠦᠷᠭᠡᠨ ᠬᠦᠦ ᠰᠠᠩ ᠡᠷᠭᠢᠬᠦ ᠳᠡᠭᠡᠨ ᠰᠠᠭᠠᠳᠠᠭ ᠨᠣᠮᠤ ᠠᠭᠰᠠᠵᠤ ᠪᠣᠰᠣᠳ ᠴᠠᠭ ᠲᠤ ︵ᠰᠠᠭᠠᠳᠠᠭ ᠢ | ᠮᠢᠯᠢᠶᠠᠵᠤ ᠳᠣᠭᠲᠠᠭᠰᠠᠨ ᠣᠷᠣᠨ᠎ᠠ ᠢᠷᠦᠭᠡᠵᠦ ᠲᠠᠯᠪᠢᠬᠤ ᠠᠴᠠ ᠡᠮᠦᠨ᠎ᠡ︶ ᠬᠦᠷᠭᠡᠨ ᠤ ᠰᠠᠭᠠᠳᠠᠭ ᠢ ᠳᠣᠰᠬᠠᠢ | ᠳᠡᠭᠦᠦ ᠪᠣᠯᠣᠭᠰᠠᠨ ᠬᠦᠮᠦᠨ ᠨᠢ ᠠᠪᠴᠤ ᠪᠠᠶᠢᠳᠠᠭ ᠪᠠᠶᠢᠵᠠᠢ᠃ ᠭᠡᠲᠡᠯ᠎ᠡ ᠡᠨᠡ ᠭᠠᠵᠠᠷ ᠪᠣᠯ ᠬᠦᠷᠭᠡᠨ ᠬᠦᠦ ᠨᠢ | ᠬᠤᠷᠢᠮ ᠤᠨ ᠶᠣᠰᠣᠯᠠᠯ ᠡᠬᠢᠯᠡᠭᠡᠳ ᠳᠠᠭᠤᠰᠲᠠᠯ᠎ᠠ ᠶᠡᠷᠦ ᠰᠠᠭᠠᠳᠠᠭ ᠠᠴᠠ ᠪᠠᠨ ᠰᠠᠯᠳᠠᠭ ᠦᠭᠡᠢ ᠵᠠᠩᠰᠢᠯ ᠲᠠᠢ ᠶᠣᠮ | ᠪᠠᠶᠢᠵᠠᠢ᠃ ᠡᠭᠦᠨ ᠳᠤ ᠬᠡᠦᠬᠡᠨ ᠲᠠᠯ᠎ᠠ ᠶᠢᠨ ᠬᠡᠯᠡᠮᠦᠷᠢᠴᠢ ᠱᠠᠪᠢᠨᠠᠷ ᠤᠨ ᠬᠦᠷᠭᠡᠨ ᠢ ᠶᠣᠰᠤ ᠵᠥᠷᠢᠴᠡᠯᠡ ᠭᠡᠳ | ᠠᠭᠤᠷᠯᠠᠭᠰᠠᠨ ᠬᠦᠴᠦᠨ ᠳᠡᠭᠡᠨ᠄ | ︽ᠰᠠᠭᠠᠲᠠᠭ ᠲᠠᠢ ᠪᠣᠯ ᠬᠦᠷᠭᠡᠨ᠂ ᠰᠠᠬᠠᠯ ᠲᠠᠢ ᠪᠣᠯ ᠠᠪᠤ︾ ᠭᠡᠵᠦ ᠬᠡᠯᠡᠵᠡᠢ᠂ ᠡᠭᠦᠨ ᠳᠤ ᠬᠡᠯᠡᠮᠦᠷᠢᠴᠢ ᠳᠠᠰᠢᠵᠠᠪ | ᠠᠭᠠᠵᠢᠭᠤ ᠲᠠᠶᠢᠪᠣᠭᠤᠬᠠᠨ ᠢᠶᠠᠷ᠄ | ︽ᠴᠢᠩ ᠭᠦᠷᠦᠨ ᠤ ᠴᠡᠷᠢᠭ ᠪᠣᠯᠭᠠᠨ | ᠰᠠᠭᠠᠳᠠᠭ ᠲᠠᠢ ᠲᠡᠷᠡ ᠴᠢᠨᠤ ᠬᠦᠷᠭᠡᠨ ᠦᠦ︖ | ᠴᠡᠩᠬᠡᠷ ᠣᠬᠤᠨ᠎ᠠ ᠰᠠᠬᠠᠯ ᠲᠠᠢ | ᠲᠡᠷᠡ ᠴᠢᠨᠤ ᠠᠪᠤ ᠦᠦ︖︾ ᠭᠡᠵᠦ ᠬᠠᠷᠢᠭᠤ ᠠᠰᠠᠭᠤᠭᠰᠠᠨ ᠳᠤ ᠥᠨᠦ ᠬᠡᠯᠡᠮᠦᠷᠢᠴᠢ᠂ ᠣᠷᠤᠭ ᠤᠨ ᠮᠠᠩᠯᠠᠢ | ᠲᠡᠷᠢᠭᠦᠯᠡᠨ ᠬᠤᠷᠢᠮ ᠤᠨ ᠵᠣᠴᠢᠳ ᠪᠥᠬᠦᠨ ᠠᠮᠠ ᠪᠠᠨ ᠪᠠᠷᠢᠨ ᠪᠣᠷᠣᠭᠤ ᠬᠠᠷᠠᠵᠤ ᠥᠩᠭᠡᠷᠡᠭᠰᠡᠨ ᠭᠡᠨ᠎ᠡ᠃ ᠡᠨᠡ ᠨᠢ | ᠠᠮᠠ ᠬᠡᠯᠡ ᠶᠢᠨ ᠪᠣᠯᠢᠶᠠᠯᠴᠠᠭᠠ ᠳᠤ ᠬᠡᠯᠡᠮᠦᠷᠢᠴᠢ ᠳᠤ ᠦᠭᠡ ᠠᠯᠳᠠᠵᠤ ᠪᠣᠯᠳᠠᠭ ᠦᠭᠡᠢ ᠶᠢ ᠭᠡᠷᠡᠴᠢᠯᠡᠵᠦ ᠪᠠᠶᠢᠨ᠎ᠠ᠃ | ᠳᠠᠰᠢᠵᠠᠪ ᠭᠤᠸᠠᠢ ᠬᠡᠯᠡᠮᠦᠷᠢᠴᠢ ᠵᠠᠭᠤᠴᠢ ᠪᠣᠯᠵᠤ ᠣᠴᠢᠭᠠᠳ ᠶᠠᠪᠣᠭᠰᠠᠨ᠂ ᠵᠣᠷᠢᠭᠰᠠᠨ ᠢᠶᠠᠨ ᠬᠡᠯᠡᠬᠦ | ᠳᠡᠭᠡᠨ᠄ | ︽ᠡᠯᠡᠰᠦᠨ ᠭᠥᠳᠦᠯ ᠢ ᠳᠠᠪᠠᠵᠤ ᠢᠷᠡᠯ᠎ᠡ | ᠡᠭᠡᠷᠡᠮ᠎ᠡ ᠲᠠᠯ᠎ᠠ ᠶᠢ ᠳᠣᠭᠤᠯᠵᠤ ᠢᠷᠡᠯ᠎ᠡ | ᠡᠨᠡ ᠭᠡᠷ ᠢ ᠵᠣᠷᠢᠵᠤ ᠢᠷᠡᠯ᠎ᠡ | ᠡᠷᠬᠢᠮ ᠣᠴᠢᠷ ᠢ ᠰᠢᠲᠦᠵᠦ ᠢᠷᠡᠯ᠎ᠡ | ᠪᠣᠲᠠ ᠰᠥᠬᠡᠭ ᠢ ᠣᠷᠢᠶᠠᠵᠤ ᠢᠷᠡᠯ᠎ᠡ | ᠪᠣᠯᠠᠭ ᠣᠰᠤ ᠶᠢ ᠭᠡᠲᠦᠯᠵᠦ ᠢᠷᠡᠯ᠎ᠡ | ᠪᠣᠶᠠᠨ ᠲᠠᠢ ᠨᠠᠰᠣᠲᠠᠨ ᠳᠤᠨᠢ ᠵᠣᠯᠭᠠᠬᠤ ᠪᠠᠷ ᠢᠷᠡᠯ᠎ᠡ | ᠪᠠᠷᠢᠯᠳᠣᠯᠭ᠎ᠠ ᠲᠠᠢ ᠦᠷ᠎ᠡ ᠶᠢ ᠴᠢᠨᠢ ᠭᠤᠶᠣᠬᠤ ᠪᠠᠷ ᠢᠷᠡᠯ᠎ᠡ︾ ᠭᠡᠰᠡᠨ ᠶᠢ ᠣᠳᠤ ᠴᠦ ᠴᠡᠭᠡᠵᠢᠯᠡᠵᠦ ᠪᠣᠢ | ᠨᠠᠰᠣᠲᠠᠨ ᠪᠣᠢ᠃ ᠬᠡᠯᠡᠮᠦᠷᠢᠴᠢ ᠪᠠᠰᠠ ᠬᠡᠦᠬᠡᠨ ᠠᠪᠠᠴᠢᠬᠤ ᠪᠠᠷ ᠢᠷᠡᠭᠰᠡᠨ ᠬᠦᠮᠦᠰ ᠲᠤ ︽ᠡᠭᠦᠳᠡᠨ ᠳᠠᠷᠣᠯᠭ᠎ᠠ︾ | ᠬᠡᠯᠡᠬᠦ ᠳᠡᠭᠡᠨ᠄ | ︽ᠮᠠᠨ ᠤ ᠡᠨᠡ ᠨᠣᠲᠤᠭ ᠭᠡᠭᠴᠢ | ᠮᠠᠩᠬ᠎ᠠ ᠨᠢ ᠣᠢ ᠪᠠᠷ ᠦᠷᠭᠦᠯᠵᠢᠯᠡᠭᠰᠡᠨ | ᠣᠢ ᠨᠢ ᠠᠷᠢᠶᠠᠲᠠᠨ ᠢᠶᠠᠷ ᠳᠦᠭᠦᠷᠦᠭᠰᠡᠨ | ᠲᠠᠯ᠎ᠠ ᠨᠢ ᠴᠡᠴᠡᠭ ᠢᠶᠠᠷ ᠭᠤᠶᠣᠯᠠᠭᠰᠠᠨ | ᠴᠡᠴᠡᠭ ᠨᠢ ᠮᠠᠯ ᠢᠶᠠᠷ ᠬᠤᠴᠢᠭᠳᠠᠭᠰᠠᠨ | ᠣᠰᠤ ᠨᠢ ᠷᠠᠰᠢᠶᠠᠨ ᠮᠡᠲᠦ ᠪᠠᠶᠢᠵᠤ | ᠰᠢᠷᠣᠢ ᠨᠢ ᠠᠯᠲᠠ ᠮᠡᠲᠦ ᠪᠠᠶᠢᠵᠤ | ᠵᠦᠭ ᠤᠨ ᠣᠯᠠᠨ ᠠᠮᠠ ᠪᠠᠷᠢᠨ ᠱᠠᠭᠰᠢᠵᠤ | ᠨᠣᠲᠤᠭ ᠤᠨ ᠣᠯᠠᠨ ᠠᠮᠣᠷ ᠰᠠᠭᠤᠨ ᠵᠢᠷᠭᠠᠳᠠᠭ ᠁︾ ᠭᠡᠵᠦ ᠡᠬᠢᠯᠡᠨ ᠡᠶᠢᠮᠦ ᠰᠠᠶᠢᠬᠠᠨ ᠨᠣᠲᠤᠭ᠂ ᠲᠡᠶᠢᠮᠦ | ᠠᠮᠣᠭᠤᠯᠠᠩ ᠠᠷᠠᠳ ᠪᠠᠶᠢᠲᠠᠯ᠎ᠠ ᠲᠠ ᠨᠠᠷ ᠭᠡᠨᠡᠳᠲᠡ ᠳᠣᠪᠲᠣᠯᠣᠨ ᠢᠷᠡᠳᠡᠭ ᠣᠴᠢᠷ ᠶᠠᠭᠤ ᠪᠣᠯᠪᠠ︖ ᠭᠡᠬᠦ ᠮᠡᠲᠦ | ᠪᠠᠷ ᠰᠢᠯᠦᠭᠯᠡᠵᠦ ᠪᠠᠶᠢᠭᠰᠠᠨ ᠭᠡᠵᠦ ᠦᠶ᠎ᠡ ᠬᠤᠷᠠᠭ ᠨᠢ ᠶᠠᠷᠢᠵᠤ ᠪᠣᠢ᠃ | ᠰᠣᠷᠪᠣᠯᠵᠢᠯᠠᠬᠤ ᠳᠣᠮᠳᠠ ᠵᠠᠷᠢᠮ ᠨᠠᠰᠣᠲᠠᠳ ᠬᠡᠯᠡᠮᠦᠷᠢᠴᠢ ᠳᠠᠰᠢᠵᠠᠪ ᠤᠨ ᠪᠥᠬᠡ᠂ ᠭᠠᠯ ᠳᠠᠬᠢᠯᠭ᠎ᠠ᠂ | ᠬᠡᠦᠬᠡᠳ ᠤᠨ ᠣᠢ ᠮᠢᠯᠢᠶᠠᠬᠤ᠂ ᠰᠠᠭᠠᠳᠠᠭ ᠤᠨ ᠢᠷᠦᠭᠡᠯ ᠵᠡᠷᠭᠡ ᠳᠤ ᠣᠩᠰᠢᠵᠤ ᠪᠠᠶᠢᠭᠰᠠᠨ ᠨᠡᠯᠢᠶᠡᠳ ᠣᠷᠲᠤ | ᠰᠢᠯᠦᠭᠯᠡᠯ ᠤᠳ ᠪᠠᠶᠢᠳᠠᠭ᠂ ᠭᠡᠪᠡᠴᠦ ᠡᠳᠦᠭᠡ ᠬᠠᠭᠠᠰ ᠳᠣᠲᠠᠭᠤ ᠴᠦ ᠭᠡᠰᠡᠨ ᠣᠯᠳᠠᠰᠢ ᠦᠭᠡᠢ ᠨᠢ ᠬᠠᠶᠢᠷᠠᠨ ᠬᠢᠳᠡᠭ | ᠪᠢᠯᠡ᠃ | ᠬᠠᠷᠠᠮᠰᠠᠯ ᠲᠠᠢ ᠨᠢ ᠡᠨᠡ ᠬᠦ᠋ ᠵᠣᠬᠢᠶᠠᠯᠴᠢ ᠮᠢᠨᠢ 1945 ᠣᠨ ︵ᠳᠠᠬᠢᠶ᠎ᠠ ᠵᠢᠯ︶ ᠤ 7 ᠰᠠᠷ᠎ᠠ ᠳᠤ | ᠣᠷᠣᠰ ᠮᠣᠩᠭᠤᠯ ᠤᠨ ᠴᠡᠷᠢᠭ ᠢ ᠣᠭᠲᠣᠬᠤ ᠰᠠᠨᠠᠭ᠎ᠠ ᠲᠠᠢ ᠲᠥᠷᠦᠯ ᠤᠨ ᠨᠢᠭᠡᠨ ᠪᠠᠶᠠᠨ ᠠᠶᠢᠯ ᠳᠠᠭᠠᠨ ᠣᠴᠢᠭᠠᠳ᠂ | ᠦᠭᠡᠷ ᠬᠤᠨᠢ ᠭᠠᠷᠭᠠᠨ ᠪᠡᠯᠡᠳᠭᠡᠵᠦ ᠪᠠᠶᠢᠲᠠᠯ᠎ᠠ ᠬᠠᠷᠢ ᠶᠢᠨ ᠴᠡᠷᠢᠭ ᠣᠷᠣᠵᠤ ᠢᠷᠡᠭᠡᠳ ᠲᠡᠭᠦᠨ ᠢ ︵ᠳᠠᠰᠢᠵᠠᠪ | ᠬᠡᠳᠦᠶᠢᠪᠡᠷ ᠶᠠᠳᠠᠭᠤ ᠪᠣᠯᠪᠠᠴᠤ ᠮᠥᠩᠭᠦᠨ ᠡᠮᠡᠭᠡᠯ ᠲᠠᠢ ᠰᠠᠶᠢᠬᠠᠨ ᠵᠢᠷᠤᠭ᠎ᠠ ᠮᠣᠷᠢ ᠣᠨᠣᠵᠤ ᠶᠠᠪᠣᠳᠠᠭ ᠪᠠᠶᠢᠵᠠᠢ︶ ᠮᠠᠯ | ᠤᠨ ᠡᠵᠡᠨ ᠭᠡᠵᠦ ᠠᠳᠡᠭᠦᠷᠡᠵᠦ ᠫᠣᠣᠳᠠᠨ ᠠᠯᠠᠵᠠᠢ᠃ ᠮᠥᠨ ᠵᠢᠯ 34 ᠨᠠᠰᠣᠲᠠᠢ ᠪᠠᠶᠢᠪᠠ᠃ | ᠡᠨᠡ ᠦᠶ᠎ᠡ ᠳᠤ ᠦᠯᠡᠳᠡᠭᠡᠭᠰᠡᠨ ᠠᠷᠠᠳ ᠤᠨ ᠢᠷᠦᠭᠡᠯᠴᠢ᠂ ᠮᠠᠭᠲᠠᠭᠠᠯᠴᠢ᠂ ᠵᠣᠬᠢᠶᠠᠯᠴᠢ ᠭᠡᠬᠦ | ᠬᠥᠨᠳᠦᠲᠦ ᠰᠣᠳᠣᠨ ᠠᠯᠳᠠᠷ ᠢᠶᠠᠨ ᠬᠦᠰᠢᠶᠡᠯᠡᠭᠰᠡᠨ ᠪᠢᠯᠡ᠃ ᠰᠢᠷᠡᠭᠡᠲᠦ ᠭᠡᠭᠡᠨ ᠱᠠᠪᠢᠨᠠᠷ ᠤᠨ ᠣᠶᠢᠷ᠎ᠠ ᠦᠶ᠎ᠡ ᠶᠢᠨ | ᠲᠡᠦᠬᠡᠨ ᠲᠡᠮᠳᠡᠭᠯᠡᠯ ᠳᠤ ︽ᠰᠢᠷᠡᠭᠡᠲᠦ ᠭᠡᠭᠡᠨ ᠱᠠᠪᠢᠨᠠᠷ ᠤᠨ ᠪᠥᠬᠦ ᠲᠡᠦᠬᠡᠨ ᠳᠠᠬᠢ ᠠᠷᠪᠠᠨ ᠨᠠᠢᠮᠠᠨ ᠭᠠᠯᠠᠢ ᠶᠢᠨ | ᠨᠠᠢᠮᠠᠳᠣᠭᠠᠷ ᠭᠠᠯᠠᠢ ᠪᠣᠯᠬᠤ ᠣᠬᠠᠭᠠᠨᠲᠤ᠂ ᠲᠡᠭᠦᠨ ᠤ ᠣᠣᠭᠠᠨ ᠬᠥᠪᠡᠭᠦᠨ ᠳᠠᠰᠢᠵᠠᠪ ᠰᠡᠴᠡᠨ ᠰᠡᠷᠭᠦᠯᠡᠩ ᠣᠯᠠᠨ | ᠠᠴᠠ ᠬᠡᠲᠦᠶᠢᠭᠰᠡᠨ ᠣᠬᠠᠭᠠᠨ ᠪᠣᠳᠣᠯᠭ᠎ᠠ ᠬᠤᠷᠴᠠ᠂ ᠣᠶᠢᠷ᠎ᠠ ᠬᠤᠯᠠ ᠳᠠᠭᠠᠨ ᠠᠯᠳᠠᠷᠲᠠᠢ ᠣᠨᠴᠠ ᠭᠠᠷᠮᠠᠭᠠᠢ | ᠬᠡᠯᠡᠮᠦᠷᠢᠴᠢ︾ ᠭᠡᠵᠦ ᠪᠢᠴᠢᠭᠳᠡᠭᠰᠡᠨ ᠨᠢ ᠳᠠᠰᠢᠵᠠᠪ ᠭᠤᠸᠠᠢ ᠶᠢᠨ ᠨᠡᠷ᠎ᠡ ᠠᠯᠳᠠᠷ᠂ ᠨᠡᠮᠡᠷᠢ ᠬᠠᠨᠳᠢᠪ ᠢ ᠲᠡᠦᠬᠡ ᠶᠢᠨ | ᠬᠠᠭᠤᠳᠠᠰᠣᠨ ᠳᠤ ᠳᠠᠷᠬᠠᠯᠠᠭᠰᠠᠨ ᠪᠠᠶᠢᠭ᠎ᠠ ᠶᠣᠮ᠃ | ᠬᠡᠯᠡᠮᠦᠷᠢᠴᠢ ᠮᠠᠨᠢ ᠬᠡᠳᠦᠶᠢᠪᠡᠷ ᠢᠳᠡᠷ ᠳᠣᠷᠪᠢᠯᠢᠭ ᠨᠠᠰᠣᠨ ᠳᠠᠭᠠᠨ ᠵᠣᠯ ᠪᠣᠰᠤ ᠪᠠᠷ ᠠᠯᠠᠭᠳᠠᠭᠰᠠᠨ | ᠴᠦ ᠬᠤᠷᠸ᠎ᠠ ᠳᠤ ᠠᠮᠢᠳᠣᠷᠠᠭᠰᠠᠨ ᠬᠤᠪᠣᠷᠬᠠᠨ ᠨᠠᠰᠣᠨ ᠳᠠᠭᠠᠨ ᠦᠨᠡᠲᠦ ᠥᠪ ᠬᠥᠷᠦᠩᠭᠡ ᠪᠣᠯᠣᠭᠰᠠᠨ ᠠᠷᠠᠳ ᠤᠨ | ᠠᠮᠠᠨ ᠵᠣᠬᠢᠶᠠᠯ ᠤᠨ ᠨᠥᠯᠦᠭᠡᠯᠡᠯ ᠢᠶᠠᠷ ᠣᠶᠣᠨ ᠪᠢᠯᠢᠭ ᠢᠶᠠᠨ ᠲᠡᠵᠢᠭᠡᠵᠦ᠂ ᠶᠡᠷᠦ ᠪᠣᠰᠤ ᠶᠢᠨ ᠴᠢᠳᠠᠪᠣᠷᠢ ᠲᠠᠢ᠂ | ᠳᠣᠯᠣᠭᠠᠨ ᠨᠠᠭᠤᠷ ᠤᠨ 14 ᠭᠡᠭᠡᠨ ᠱᠠᠪᠢᠨᠠᠷ ᠪᠠ ᠭᠦᠯᠦ ᠬᠥᠬᠡ᠂ ᠭᠦᠯᠦ ᠴᠠᠭᠠᠨ ᠬᠤᠰᠢᠭᠤ᠂ ᠠᠪᠠᠭ᠎ᠠ᠂ | ᠦᠵᠦᠮᠦᠴᠢᠨ᠂ ᠬᠡᠰᠢᠭᠲᠡᠨ᠂ ᠪᠠᠷᠭᠤ ᠵᠡᠷᠭᠡ ᠣᠯᠠᠨ ᠭᠠᠵᠠᠷ ᠲᠤ ᠨᠡᠷ᠎ᠡ ᠠᠯᠳᠠᠷ ᠢᠶᠠᠨ ᠦᠯᠡᠳᠡᠭᠡᠭᠰᠡᠨ ᠠᠮᠠᠨ | ᠵᠣᠬᠢᠶᠠᠯᠴᠢ ᠪᠣᠯᠵᠠᠢ᠃ | ᠣᠷᠢᠶᠠᠩᠬᠠᠨ᠂ ᠳᠣ· ᠭᠠᠩᠧᠴᠢᠷ ᠤᠨ ︽ᠬᠡᠯᠡᠮᠦᠷᠢᠴᠢ ᠳᠠᠰᠢᠵᠠᠪ︾ ᠭᠤᠸᠠᠢ ᠶᠢᠨ ᠳᠣᠬᠠᠢ | ᠪᠢᠴᠢᠭᠰᠡᠨ ᠡᠬᠡ ᠪᠢᠴᠢᠭ ᠨᠢ ︽ᠰᠢᠯᠢ ᠶᠢᠨ ᠭᠤᠣᠯ ᠤᠨ ᠡᠳᠦᠷ ᠤᠨ ᠰᠣᠨᠢᠨ︾ ᠳᠤ ᠨᠡᠶᠢᠲᠡᠯᠡᠵᠦ ᠥᠩᠭᠡᠷᠡᠵᠡᠢ᠃ | ︽ᠰᠢᠯᠣᠭᠤᠨ ᠬᠥᠬᠡ ᠶᠢᠨ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃ |