| ᠴᠢᠮᠡᠳ ᠣᠪᠣᠭᠲᠤ ᠭᠤᠮᠪᠣᠵᠠᠪ ︵1912~1944 ᠣᠨ︶᠂ ᠬᠢᠲᠠᠳ ᠨᠡᠷ᠎ᠡ ᠴᠧᠨ ᠪᠢᠨ ᠷᠤ᠋᠂ | 1912 ᠣᠨ ᠳᠤ ᠣᠣᠯ ᠤᠨ ᠴᠠᠬᠠᠷ ᠳᠣᠯᠣᠨᠨᠠᠭᠤᠷ ᠤᠨ ᠠᠵᠢᠶ᠎ᠠ ᠭᠡᠭᠡᠨ ᠱᠠᠪᠢᠨᠠᠷ ᠤᠨ ᠮᠡᠷᠭᠡᠨ ᠫᠣᠣᠴᠢ ᠠᠩᠴᠢᠨ | ᠡᠰᠡᠷᠡᠭ ᠤᠨ ᠬᠤᠶᠠᠳᠣᠭᠠᠷ ᠬᠥᠪᠡᠭᠦᠨ ᠪᠣᠯᠣᠨ ᠲᠥᠷᠦᠵᠡᠢ᠃ 7 ᠨᠠᠰᠣᠨ ᠳᠠᠭᠠᠨ ᠠᠵᠢᠶ᠎ᠠ ᠭᠡᠭᠡᠨ ᠰᠠᠩ ᠤᠨ ᠪᠠᠭᠰᠢ | ᠯᠠᠮᠠ ᠪᠠᠷ ᠨᠣᠮ ᠵᠢᠭᠠᠯᠭᠠᠵᠠᠢ᠃ ᠳ᠋ᠠ ᠯᠠᠮᠠ ᠭᠤᠮᠪᠣᠵᠠᠪ ᠤᠨ ᠠᠪᠢᠶᠠᠰ ᠪᠢᠯᠢᠭ ᠢ ᠲᠣᠭᠤᠭᠠᠳ ᠪᠡᠭᠡᠵᠢᠩ ᠤᠨ | ᠨᠠᠶᠢᠷᠠᠯᠲᠤ ᠨᠠᠶᠢᠷᠠᠮᠳᠠᠬᠤ ᠰᠦᠮ᠎ᠡ ᠳᠤ ᠥᠪᠡᠷ ᠤᠨ ᠱᠠᠪᠢ ᠪᠠᠨ ᠪᠣᠯᠭᠠᠨ ᠰᠡᠳᠬᠢᠯ ᠲᠠᠯᠪᠢᠨ ᠬᠦᠮᠦᠵᠢᠭᠦᠯᠪᠡ᠃ 15 | ᠨᠠᠰᠣᠨ ᠠᠴᠠ ᠡᠬᠢᠯᠡᠨ ᠭᠠᠳᠠᠭᠠᠲᠤ ᠣᠯᠣᠰ ᠤᠨ ᠬᠠᠭᠤᠴᠢ ᠰᠣᠳᠣᠯᠣᠭᠴᠢ ᠡᠷᠳᠡᠮᠲᠡᠨ ᠳᠤ ︽ᠠᠯᠲᠠᠨ ᠭᠠᠨᠵᠣᠣᠷ︾ | ᠵᠡᠷᠭᠡ ᠨᠣᠮ ᠰᠣᠳᠣᠷ ᠢ ᠬᠠᠭᠤᠯᠣᠨ ᠥᠭᠴᠦ ᠪᠠᠭ᠎ᠠ ᠰᠠᠭ᠎ᠠ ᠬᠥᠯᠦᠰᠦᠨ ᠮᠥᠩᠭᠦ ᠣᠯᠵᠤ ᠠᠮᠢᠳᠣᠷᠠᠯ ᠳᠠᠭᠠᠨ | ᠨᠥᠬᠦᠪᠦᠷᠢ ᠪᠣᠯᠭᠠᠬᠤ ᠶᠢᠨ ᠬᠠᠮᠲᠤ ᠭᠠᠳᠠᠭᠠᠳᠤ ᠬᠡᠯᠡ ᠰᠣᠷᠴᠤ ᠪᠠᠶᠢᠵᠠᠢ᠃ ᠭᠤᠮᠪᠣᠵᠠᠪ 25 ᠨᠠᠰᠣᠨ ᠳᠠᠭᠠᠨ | ᠮᠣᠩᠭᠤᠯ᠂ ᠬᠢᠲᠠᠳ᠂ ᠮᠠᠨᠵᠤ ᠬᠡᠯᠡᠨ ᠳᠤ ᠨᠡᠪᠲᠡᠷᠡᠵᠦ᠂ ᠪᠠᠰᠠ ᠠᠩᠭ᠍ᠯᠢ᠂ ᠶᠠᠫᠣᠨ᠂ ᠣᠷᠣᠰ ᠦᠭᠡ ᠦᠰᠦᠭ | ᠰᠣᠷᠴᠤ᠂ ᠪᠢᠴᠢᠵᠦ ᠵᠢᠷᠣᠬᠤ ᠰᠡᠶᠢᠯᠬᠦ᠂ ᠭᠤᠷ ᠦᠰᠦᠭ᠂ ᠬᠤᠯᠣᠰᠣᠨ ᠦᠵᠦᠭ ᠢ ᠭᠤᠶᠢᠳᠠ ᠰᠠᠶᠢᠬᠠᠨ ᠪᠢᠴᠢᠳᠡᠭ | ᠭᠠᠷ ᠣᠷᠠᠨ ᠬᠦᠮᠦᠨ ᠪᠠᠶᠢᠵᠠᠢ᠃ ᠠᠵᠢᠶ᠎ᠠ ᠭᠡᠭᠡᠨ ᠱᠠᠪᠢᠨᠠᠷ ᠤᠨ ᠶᠡᠷᠦᠩᠬᠡᠢ ᠵᠠᠬᠢᠷᠣᠭᠴᠢ ᠪᠠᠷ ᠳᠣᠮᠢᠯᠠᠭᠰᠠᠨ ᠪᠣᠯᠪᠠᠴᠤ | ᠳᠡᠮᠡᠢ ᠣᠳᠠᠭᠰᠠᠨ ᠦᠭᠡᠢ ᠳᠡᠮᠴᠣᠭ᠍ᠳᠣᠩᠷᠣᠪ ᠤᠨ ᠮᠣᠩᠭᠤᠯ ᠵᠠᠰᠠᠭ ᠤᠨ ᠭᠠᠵᠠᠷ ᠠᠯᠪᠠ ᠬᠠᠭᠠᠵᠤ ᠪᠠᠶᠢᠭᠠᠳ ᠶᠠᠫᠣᠨ | ᠤ ᠲᠣᠣᠺᠢᠣ᠋ ᠳᠠᠬᠢ ᠳᠣᠷᠣᠨᠠᠳᠠᠬᠢᠨ ᠤ ᠭᠠᠳᠠᠭᠠᠳᠤ ᠬᠡᠯᠡᠨ ᠤ ᠶᠡᠭᠡ ᠰᠣᠷᠭᠠᠭᠤᠯᠢ ᠶᠢᠨ ᠮᠣᠩᠭᠤᠯ ᠬᠡᠯᠡᠨ ᠤ ᠪᠠᠭᠰᠢ ᠪᠠᠷ | ᠵᠠᠯᠠᠭᠳᠠᠵᠤ ᠬᠡᠳᠦᠨ ᠵᠢᠯ ᠠᠵᠢᠯᠯᠠᠵᠠᠢ᠃ | ᠲᠡᠷᠡ ︽ᠮᠠᠷᠺᠤ ᠫᠣᠯᠤ ᠶᠢᠨ ᠵᠢᠭᠤᠯᠴᠢᠯᠠᠯ ᠤᠨ ᠲᠡᠮᠳᠡᠭᠯᠡᠯ︾ ᠤᠨ ᠠᠩᠭ᠍ᠯᠢ᠂ ᠶᠠᠫᠣᠨ᠂ ᠬᠢᠲᠠᠳ | ᠭᠤᠷᠪᠠᠨ ᠬᠡᠯᠡᠨ ᠤ ᠳᠡᠪᠲᠡᠷ ᠢ ᠬᠠᠷᠭᠤᠭᠤᠯᠣᠨ ᠮᠣᠩᠭᠤᠯᠴᠢᠯᠠᠭᠠᠳ ᠪᠠᠰᠠ ᠮᠠᠷᠺᠤ ᠫᠣᠯᠤ ᠶᠢᠨ ᠬᠥᠷᠦᠭ ᠢ ᠥᠪᠡᠷ | ᠢᠶᠠᠨ ᠵᠢᠷᠣᠵᠤ᠂ ᠳᠡᠭᠡᠳᠦ ᠳᠣᠣᠷᠠᠳᠤ ᠬᠤᠶᠠᠷ ᠳᠡᠪᠲᠡᠷ ᠨᠣᠮ ᠪᠣᠯᠭᠠᠨ ᠠᠩᠬ᠎ᠠ ᠣᠳᠠᠭ᠎ᠠ ᠮᠣᠩᠭᠤᠯ ᠬᠡᠯᠡ ᠪᠠᠷ | ᠬᠡᠪᠯᠡᠬᠦᠯᠦᠨ ᠳᠠᠷᠬᠠᠬᠤ ᠭᠠᠪᠢᠶᠠᠲᠤ ᠦᠢᠯᠡᠰ ᠢ ᠪᠥᠲᠦᠭᠡᠭᠰᠡᠨ ᠶᠣᠮ᠃ ᠲᠡᠷᠡ ᠬᠡᠳᠦᠶᠢᠪᠡᠷ ᠲᠦ᠋ ᠱᠠ ᠰᠢᠨ ᠤ | ᠵᠣᠬᠢᠶᠠᠭᠰᠠᠨ ︽ᠮᠣᠩᠭᠤᠯ ᠲᠡᠦᠬᠡ︾ ᠶᠢ ᠮᠣᠩᠭᠤᠯᠴᠢᠯᠠᠬᠤ ᠪᠠᠷ ᠪᠡᠯᠡᠳᠭᠡᠵᠦ ᠪᠠᠶᠢᠭᠰᠠᠨ ᠪᠣᠯᠪᠠᠴᠤ ᠠᠮᠵᠢᠭᠰᠠᠨ | ᠦᠭᠡᠢ᠃ 1944 ᠣᠨ ᠳᠤ ᠶᠠᠫᠣᠨ ᠣᠯᠣᠰ ᠠᠴᠠ ᠪᠣᠴᠠᠵᠤ ᠢᠷᠡᠭᠡᠳ ᠵᠥᠪᠯᠡᠯᠲᠦ ᠬᠤᠯᠪᠣᠭᠠᠲᠤ ᠣᠯᠣᠰ ᠲᠤ | ᠶᠠᠪᠣᠬᠤ ᠪᠠᠷ ᠵᠣᠷᠢᠵᠤ ᠴᠢᠭᠤᠯᠣᠯᠲᠤ ᠬᠠᠭᠠᠯᠭ᠎ᠠ ᠳᠤ ᠬᠦᠷᠦᠭᠡᠳ ᠶᠠᠫᠣᠨ ᠤ ᠲᠠᠩᠨᠠᠭᠤᠯ ᠤᠨ ᠪᠠᠶᠢᠭᠤᠯᠭ᠎ᠠ ᠳᠤ | ᠰᠡᠵᠢᠭᠯᠡᠭᠳᠡᠨ᠂ 1944 ᠣᠨ ᠳᠤ 32 ᠨᠠᠰᠣᠲᠠᠢ ᠳᠠᠭᠠᠨ ᠶᠠᠫᠣᠨ ᠴᠡᠷᠢᠭ ᠲᠤ ᠬᠤᠣᠷᠯᠠᠭᠳᠠᠪᠠ᠃ | ᠭᠤᠮᠪᠣᠵᠠᠪ ᠭᠤᠸᠠᠢ᠂ 1990 ᠣᠨ ᠴᠠᠬᠠᠷ ᠮᠣᠩᠭᠤᠯ ︵ᠳᠣᠣᠷᠠᠳᠤ︶︾᠂ 2004 ᠣᠨ ᠳᠤ ︽ | ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ︾ ᠵᠡᠷᠭᠡ ᠨᠣᠮ ᠳᠤ ᠳᠣᠷᠠᠰᠬᠠᠭᠳᠠᠨ ᠲᠡᠮᠳᠡᠭᠯᠡᠭᠳᠡᠵᠡᠢ᠃ | ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃ | | |