| | ᠬᠡᠸᠡᠫᠢᠯ ︵1917~ 1985 ᠣᠨ︶᠂ 1917 ᠣᠨ ᠳᠤ ᠴᠠᠬᠠᠷ ᠴᠢᠭᠤᠯᠭᠠᠨ ᠤ ᠲᠠᠶᠢᠹᠣᠰᠧ | ᠪᠠᠷᠠᠭᠤᠨ ᠭᠠᠷ ᠰᠦᠷᠦᠭ ᠤᠨ ᠠᠭᠲᠠᠨ ᠰᠣᠮᠣᠨ ᠤ ᠴᠢᠮᠡᠳ ᠣᠪᠣᠭ ᠤᠨ ᠳᠣᠭᠲᠠᠬᠤ ᠶᠢᠨ ᠬᠥᠪᠡᠭᠦᠨ ᠪᠣᠯᠣᠨ | ᠲᠥᠷᠦᠵᠡᠢ᠃ | ᠬᠡᠸᠡᠫᠢᠯ ᠳᠣᠯᠣᠭᠠᠨ ᠨᠠᠰᠣᠨ ᠠᠴᠠ ᠪᠠᠨ ᠮᠠᠨᠵᠤ᠂ ᠮᠣᠩᠭᠤᠯ᠂ ᠬᠢᠲᠠᠳ ᠪᠢᠴᠢᠭ ᠵᠢᠭᠠᠯᠭᠠᠭᠰᠠᠨ ᠪᠣᠯᠬᠤᠷ᠂ | ᠬᠤᠰᠢᠭᠤᠨ ᠤ ᠪᠠᠭ᠎ᠠ ᠰᠣᠷᠭᠠᠭᠤᠯᠢ ᠳᠠᠭᠠᠨ ᠰᠢᠯᠢᠳᠡᠭ ᠰᠣᠷᠣᠯᠭᠠᠲᠠᠨ ᠢᠶᠠᠷ ᠰᠢᠯᠭᠠᠷᠠᠵᠤ ᠪᠠᠶᠢᠪᠠ᠃ ᠠᠷᠪᠠᠨ | ᠳᠣᠯᠣᠭᠠᠨ ᠨᠠᠰᠣᠨ ᠳᠠᠭᠠᠨ ᠰᠢᠯᠭᠠᠯᠲᠠ ᠪᠠᠷ ᠳᠠᠮᠵᠢᠨ ᠬᠤᠰᠢᠭᠤᠨ ᠤ ᠰᠣᠷᠬᠤ ᠪᠢᠴᠢᠭᠡᠴᠢ ᠪᠣᠯᠵᠤ᠂ ᠠᠷᠪᠠ | ᠶᠢᠰᠦᠲᠡᠢ ᠳᠡᠭᠡᠨ ᠵᠠᠩᠪᠸᠢ ᠶᠢᠨ ᠮᠣᠩᠭᠤᠯ ᠵᠠᠯᠠᠭᠤᠰ ᠤᠨ ᠰᠣᠷᠭᠠᠭᠤᠯᠢ ᠳᠤ ᠬᠦᠷᠭᠡᠭᠳᠡᠨ ᠵᠢᠯ ᠢᠯᠡᠭᠦᠦ ᠰᠣᠷᠣᠯᠴᠠᠨ᠂ | ᠰᠢᠯᠢᠳᠡᠭ ᠰᠣᠷᠣᠯᠭᠠᠲᠠᠨ ᠤ ᠬᠤᠪᠢ ᠪᠠᠷ ᠸᠠᠩ ᠤᠨ ᠰᠦᠮ᠎ᠡ ᠳᠠᠬᠢ ᠬᠢᠩᠭᠠᠨ ᠤ ᠬᠠᠭᠤᠷᠠᠢ ᠵᠠᠮ ᠤᠨ ᠴᠡᠷᠢᠭ ᠤᠨ | ᠳᠠᠷᠤᠭ᠎ᠠ ᠶᠢᠨ ᠰᠣᠷᠭᠠᠭᠤᠯᠢ ᠳᠤ ᠬᠦᠷᠭᠡᠭᠳᠡᠨ ᠳᠥᠷᠪᠡᠨ ᠵᠢᠯ ᠢᠯᠡᠭᠦᠦ ᠴᠡᠷᠢᠭ ᠤᠨ ᠶᠠᠪᠣᠳᠠᠯ ᠰᠣᠷᠣᠯᠴᠠᠨ᠂ ᠳᠠᠬᠢᠨ | ᠶᠠᠫᠣᠨ ᠤ ᠲᠣᠣᠺᠢᠤ᠋ ᠳᠠᠬᠢ ᠴᠡᠷᠢᠭ ᠤᠨ ᠳᠠᠷᠤᠭ᠎ᠠ ᠶᠢᠨ ᠰᠣᠷᠭᠠᠭᠤᠯᠢ ᠳᠤ ᠭᠤᠷᠪᠠᠨ ᠵᠢᠯ ᠤᠨ ᠰᠣᠷᠣᠯᠭ᠎ᠠ ᠪᠠᠨ | ᠲᠡᠭᠦᠰᠭᠡᠵᠦ᠂ 1944 ᠣᠨ ᠤ 4 ᠰᠠᠷ᠎ᠠ ᠳᠤ ᠠᠬᠠᠯᠠᠬᠤ ᠳᠡᠰᠯᠡᠭᠴᠢ ᠶᠢᠨ ᠴᠣᠯᠠ ᠲᠠᠢ ᠣᠯᠣᠰ ᠲᠠᠭᠠᠨ ᠪᠣᠴᠠᠵᠤ᠂ | ᠬᠥᠬᠡᠬᠤᠲᠠ ᠶᠢᠨ ᠮᠣᠩᠭᠤᠯ ᠤᠨ ᠴᠡᠷᠢᠭ ᠤᠨ ᠳᠠᠷᠤᠭ᠎ᠠ ᠶᠢᠨ ᠰᠣᠷᠭᠠᠭᠤᠯᠢ ᠳᠤ ᠭᠤᠣᠯᠯᠠᠭᠴᠢ ᠪᠠᠭᠰᠢ ᠪᠠᠷ ᠵᠢᠯ | ᠬᠢᠷᠢᠲᠡᠢ ᠠᠵᠢᠯᠯᠠᠵᠠᠢ᠃ | 1945 ᠣᠨ ᠤ ᠨᠠᠮᠣᠷ ᠲᠡᠷᠡ ᠬᠥᠬᠡᠬᠤᠲᠠ ᠬᠠᠪᠢ ᠳᠤ ᠪᠠᠶᠢᠭᠰᠠᠨ ᠬᠤᠪᠢᠰᠬᠠᠯᠲᠤ ᠴᠡᠷᠢᠭ ᠲᠠᠢ | ᠬᠤᠯᠪᠣᠭ᠎ᠠ ᠠᠪᠴᠤ᠂ ᠬᠡᠳᠦᠨ ᠰᠠᠷ᠎ᠠ ᠠᠵᠢᠯᠯᠠᠪᠠ᠃ 1946 ᠣᠨ ᠤ ᠬᠠᠪᠣᠷ ᠴᠢᠭᠤᠯᠣᠯᠲᠤ ᠬᠠᠭᠠᠯᠭ᠎ᠠ ᠳᠤ | ᠬᠦᠷᠴᠦ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠤᠯᠪᠣᠭᠠᠲᠤ ᠬᠤᠷᠠᠯ ᠳᠤ ᠠᠵᠢᠯᠯᠠᠨ᠂ ᠵᠣᠨ ᠨᠢ ᠴᠠᠬᠠᠷ | ᠠᠶᠢᠮᠠᠭ ᠤᠨ ᠵᠠᠰᠠᠭ ᠤᠨ ᠣᠷᠳᠣᠨ ᠤ ᠨᠠᠷᠢᠨ ᠪᠢᠴᠢᠭ ᠤᠨ ᠣᠷᠣᠯᠠᠭᠴᠢ ᠳᠠᠷᠤᠭ᠎ᠠ ᠶᠢᠨ ᠳᠣᠰᠢᠶᠠᠯ ᠢ ᠬᠦᠯᠢᠶᠡᠪᠡ᠃ | ᠲᠣᠰ ᠵᠢᠯ ᠤᠨ ᠨᠠᠮᠣᠷ ᠠᠶᠢᠮᠠᠭ ᠤᠨ ᠳᠡᠳ᠋ ᠳᠠᠷᠤᠭ᠎ᠠ ᠶᠢᠨ ᠣᠷᠣᠯᠠᠭᠴᠢ ᠪᠠᠷ ᠠᠵᠢᠯᠯᠠᠨ ᠴᠡᠷᠢᠭ ᠤᠨ ᠠᠵᠢᠯ ᠢ | ᠬᠠᠪᠰᠣᠷᠭᠠᠨ ᠬᠢᠪᠡ᠃ | 1946 ᠣᠨ ᠤ ᠡᠪᠦᠯ ᠠᠴᠠ 80 ᠳ᠋ᠣᠭᠠᠷ ᠬᠤᠷᠢᠶ᠎ᠠ ᠶᠢ ᠪᠠᠶᠢᠭᠤᠯᠬᠤ ᠠᠵᠢᠯ ᠳᠤ ᠣᠷᠣᠯᠴᠠᠵᠤ᠂ | ᠮᠣᠩᠭᠤᠯ ᠤᠨ ᠰᠣᠶᠢᠶᠣᠸᠠᠨ ᠴᠡᠷᠢᠭ ᠤᠨ ᠲᠣᠭᠤᠷᠢᠭ ᠤᠨ ᠬᠤᠷᠢᠨ ᠬᠤᠶᠠᠳᠣᠭᠠᠷ ᠬᠤᠷᠢᠶᠠᠨ ᠤ ᠽᠠᠨᠮᠤ᠂ ᠮᠣᠷᠢᠲᠤ | ᠴᠡᠷᠢᠭ ᠤᠨ 16 ᠳ᠋ᠣᠭᠠᠷ ᠳ᠋ᠢᠸᠢᠽᠢ ᠶᠢᠨ ᠽᠠᠨᠮᠦ᠋ᠵᠠᠩ ᠤᠨ ᠳᠣᠰᠢᠶᠠᠯ ᠢ ᠣᠷᠢᠳ ᠬᠤᠵᠢᠳ ᠬᠠᠷᠢᠭᠤᠴᠠᠪᠠ᠃ | 1948 ᠣᠨ ᠳᠤ ᠳᠣᠮᠳᠠᠳᠤ ᠣᠯᠣᠰ ᠤᠨ ᠡᠪ ᠬᠠᠮᠲᠤ ᠨᠠᠮ ᠳᠤ ᠡᠯᠰᠡᠭᠳᠡᠪᠡ᠃ 1949 ᠣᠨ ᠠᠴᠠ | ᠲᠡᠷᠡ ᠮᠣᠷᠢᠲᠤ ᠴᠡᠷᠢᠭ ᠤᠨ ᠳᠥᠷᠪᠡᠳᠦᠭᠡᠷ ᠳ᠋ᠢᠸᠢᠽᠢ ᠶᠢᠨ ᠱᠠᠲ᠋ᠠᠪ ᠤᠨ ᠳᠠᠷᠤᠭ᠎ᠠ᠂ 1952 ᠣᠨ ᠳᠤ ᠣᠯᠣᠰ ᠤᠨ | ᠪᠠᠲᠣᠯᠠᠨ ᠬᠠᠮᠠᠭᠠᠯᠠᠯᠲᠠ ᠶᠢᠨ 5 ᠳ᠋ᠣᠭᠠᠷ ᠳ᠋ᠢᠸᠢᠽᠢ ᠶᠢᠨ ᠱᠠᠲ᠋ᠠᠪ ᠤᠨ ᠳᠠᠷᠤᠭ᠎ᠠ ᠶᠢᠨ ᠳᠣᠰᠢᠶᠠᠯ ᠢ ᠬᠠᠷᠢᠭᠤᠴᠠᠨ᠂ | ᠠᠯᠠᠱᠠ᠂ ᠪᠠᠶᠠᠨᠨᠠᠭᠤᠷ᠂ ᠣᠯᠠᠭᠠᠨᠴᠠᠪ᠂ ᠭᠠᠨᠰᠤ᠂ ᠨᠢᠩᠰᠢᠶᠠ ᠶᠢ ᠴᠢᠯᠦᠭᠡᠯᠡᠬᠦ ᠳᠤ ᠣᠷᠣᠯᠴᠠᠵᠠᠢ᠃ | ᠣᠯᠣᠰ ᠪᠠᠶᠢᠭᠤᠯᠣᠭᠳᠠᠭᠰᠠᠨ ᠤ ᠳᠠᠷᠠᠭ᠎ᠠ᠂ ᠴᠠᠬᠠᠷ ᠠᠶᠢᠮᠠᠭ ᠤᠨ ᠳᠣᠲᠣᠭᠠᠳᠤ ᠶᠢ ᠬᠠᠮᠠᠭᠠᠯᠠᠬᠤ ᠭᠠᠵᠠᠷ ᠤᠨ | ᠳᠠᠷᠤᠭ᠎ᠠ᠂ ᠴᠠᠬᠠᠷ᠂ ᠰᠢᠯᠢ ᠶᠢᠨ ᠭᠤᠣᠯ ᠠᠶᠢᠮᠠᠭ ᠤᠨ ᠨᠠᠷᠢᠨ ᠪᠢᠴᠢᠭ ᠤᠨ ᠭᠠᠵᠠᠷ ᠤᠨ ᠳᠠᠷᠤᠭ᠎ᠠ᠂ ᠰᠢᠯᠢ ᠶᠢᠨ | ᠭᠤᠣᠯ ᠠᠶᠢᠮᠠᠭ ᠤᠨ ᠳᠡᠳ᠋ ᠳᠠᠷᠤᠭ᠎ᠠ᠂ ᠰᠢᠯᠣᠭᠤᠨ ᠬᠥᠬᠡ ᠬᠤᠰᠢᠭᠤᠨ ᠤ ᠨᠢᠭᠡᠳᠦᠭᠡᠷ ᠱᠦᠵᠢ ᠪᠠᠷ ᠠᠵᠢᠯᠯᠠᠨ᠂ | 1962 ᠣᠨ ᠳᠤ ᠳᠣᠮᠳᠠᠳᠤ ᠮᠣᠩᠭᠤᠯ ᠬᠤᠶᠠᠷ ᠣᠯᠣᠰ ᠤᠨ ᠬᠢᠯᠢ ᠶᠢᠨ ᠵᠠᠭᠠᠭ ᠳᠣᠭᠲᠠᠭᠠᠬᠤ ᠠᠵᠢᠯ ᠳᠤ | ᠣᠷᠣᠯᠴᠠᠵᠠᠢ᠃ ︽ᠰᠣᠶᠣᠯ ᠤᠨ ᠶᠡᠭᠡ ᠬᠤᠪᠢᠰᠬᠠᠯ︾ ᠤᠨ ᠳᠠᠷᠠᠭ᠎ᠠ ᠲᠡᠭᠦᠨ ᠤ ᠠᠶᠢᠮᠠᠭ ᠤᠨ ᠳᠡᠳ᠋ ᠳᠠᠷᠤᠭ᠎ᠠ ᠶᠢᠨ | ᠳᠣᠰᠢᠶᠠᠯ ᠢ ᠨᠢ ᠰᠡᠷᠭᠦᠭᠡᠭᠰᠡᠨ ᠶᠣᠮ᠃ ᠲᠡᠷᠡ ᠰᠡᠭᠦᠯᠡᠷ ᠨᠢ ᠰᠢᠯᠢ ᠶᠢᠨ ᠭᠤᠣᠯ ᠠᠶᠢᠮᠠᠭ ᠤᠨ ᠣᠯᠣᠰ ᠲᠥᠷᠦ ᠶᠢᠨ | ᠵᠥᠪᠯᠡᠯᠭᠡᠨ ᠤ ᠲᠡᠷᠢᠭᠦᠯᠡᠭᠴᠢ ᠪᠠᠷ ᠠᠵᠢᠯᠯᠠᠪᠠ᠃ | 1985 ᠣᠨ ᠤ 11 ᠰᠠᠷ᠎ᠠ ᠶᠢᠨ 13 ᠤ ᠡᠳᠦᠷ ᠰᠢᠯᠢᠩᠬᠤᠲᠠ ᠳᠤ ᠡᠪᠡᠳᠴᠢᠨ ᠢᠶᠠᠷ 68 ᠨᠠᠰᠣᠲᠠᠢ | ᠨᠠᠰᠤ ᠪᠠᠷᠠᠪᠠ᠃ | ᠬᠡᠸᠡᠫᠢᠯ᠂ 1990 ᠣᠨ ᠳᠤ ︽ᠰᠢᠯᠢ ᠶᠢᠨ ᠭᠤᠣᠯ ᠤᠨ ᠠᠯᠳᠠᠷᠲᠤ ᠬᠦᠮᠦᠰ︾᠂ 2007 ᠣᠨ ᠳᠤ ︽ | ᠴᠠᠬᠠᠷ ᠴᠢᠭᠤᠯᠭᠠᠨ ᠤ ᠡᠷᠳᠡᠮᠰᠣᠶᠣᠯᠲᠤ ᠮᠣᠩᠭᠤᠯ ᠳᠣᠮᠳᠠᠳᠤ ᠰᠣᠷᠭᠠᠭᠤᠯᠢ︾ ᠶᠢᠨ ᠲᠡᠦᠬᠡᠨ ᠮᠠᠲ᠋ᠧᠷᠢᠶᠠᠯ᠂ 2004 | ᠣᠨ ᠳᠤ ︽ᠲᠠᠶᠢᠹᠤᠰᠧ ᠪᠠᠷᠠᠭᠤᠨ ᠭᠠᠷ ᠰᠦᠷᠦᠭ ︵ᠬᠤᠰᠢᠭᠤ︶︾᠂ ︽ᠰᠢᠯᠣᠭᠤᠨ ᠬᠥᠬᠡ ᠬᠤᠰᠢᠭᠤᠨ ᠤ | ᠣᠶᠢᠯᠠᠯᠭ᠎ᠠ ︵ᠳᠣᠣᠷᠠᠳᠤ︶︾ ᠵᠡᠷᠭᠡ ᠨᠣᠮ ᠳᠤ ᠲᠡᠮᠳᠡᠭᠯᠡᠭᠳᠡᠵᠡᠢ᠃ | ︽ᠰᠢᠯᠣᠭᠤᠨ ᠬᠥᠬᠡ ᠬᠤᠰᠢᠭᠤᠨ ᠤ ᠴᠣᠣᠳᠤ ᠬᠥᠮᠥᠰ︾ ᠨᠣᠮ ᠠᠴᠠ ᠮᠠᠶᠢᠯᠠᠰᠤ ᠪᠠᠭᠤᠯᠭᠠᠪᠠ᠃ |