| | ᠢᠳᠠᠮᠵᠠᠪ᠂ ᠬᠢᠲᠠᠳ ᠨᠡᠷ᠎ᠡ ᠨᠢ ᠮᠧᠩ ᠭᠦᠸᠧ ᠳ᠋ᠦᠩ ︵孟国栋︶᠂ ᠪᠢᠴᠢᠭ ᠤᠨ ᠨᠡᠷ᠎ᠡ ᠨᠢ ᠮᠧᠩ | ᠱᠸᠤ ᠹᠦ᠋ ︵孟熟夫︶᠂ 1917 ᠣᠨ ᠤ 8 ᠳ᠋ᠣᠭᠠᠷ ᠰᠠᠷ᠎ᠠ ᠶᠢᠨ 15 ᠳᠤ᠂ ᠴᠠᠬᠠᠷ ᠤᠨ ᠮᠢᠩᠭᠠᠨ | ᠬᠤᠰᠢᠭᠤᠨ ᠤ ᠵᠢᠷᠭᠤᠳᠣᠭᠠᠷ ᠰᠣᠮᠣᠨ ᠤ ᠨᠣᠲᠤᠭ ᠲᠤ ᠮᠥᠩᠬᠡᠳᠡᠯᠭᠡᠷ ︵ᠥᠭᠡᠷ᠎ᠡ ᠨᠡᠷ᠎ᠡ ᠨᠢ ᠮᠧᠩ ᠽᠢ ᠢᠦᠢ︶᠂ | ᠳ᠋ᠠᠰᠣᠷ ᠤᠨ ᠣᠣᠭᠠᠨ ᠬᠥᠪᠡᠭᠦᠨ ᠪᠣᠯᠣᠨ ᠵᠠᠶᠠᠭᠠᠵᠠᠢ᠃ | 1925 ᠣᠨ ᠤ 11 ᠰᠠᠷ᠎ᠠ ᠶᠢᠨ 8 ᠳᠤ᠂ ᠳᠠᠷᠣᠢ ᠢᠳᠠᠮᠵᠠᠪ ᠢ ᠨᠠᠢᠮᠠᠨ ᠨᠠᠰᠣᠲᠠᠢ ᠪᠠᠶᠢᠬᠤ ᠳᠤ ᠵᠠᠩ ᠰᠢ | ᠶᠣᠸᠠᠨ ᠢᠶᠠᠷ ᠲᠡᠷᠢᠭᠦᠯᠡᠭᠰᠡᠨ 500 ᠢᠯᠡᠭᠦᠦ ᠳᠡᠭᠡᠷᠡᠮ ᠲᠡᠭᠦᠨ ᠤ ᠭᠡᠷ ᠢ ᠳᠡᠭᠡᠷᠡᠮᠳᠡᠵᠦ᠂ ᠲᠡᠭᠦᠨ ᠤ ᠠᠪᠠᠭ᠎ᠠ ᠠᠪᠤ | ᠵᠡᠷᠭᠡ 27 ᠨᠠᠷ᠎ᠡ ᠡᠯᠢᠭᠡᠨ ᠲᠥᠷᠦᠯ᠂ ᠠᠬ᠎ᠠ ᠳᠡᠭᠦᠦᠰ ᠢ ᠨᠢ ᠬᠤᠣᠷᠯᠠᠨ ᠠᠯᠠᠭᠰᠠᠨ ᠢᠶᠠᠷ ᠪᠠᠷᠠᠬᠤ ᠦᠭᠡᠢ᠂ ᠭᠡᠷ | ᠣᠷᠣᠨ ᠢ ᠨᠢ ᠪᠥᠬᠦᠨ ᠢ ᠭᠠᠯᠳᠠᠭᠰᠠᠨ ᠠᠴᠠ ᠳᠡᠲᠡᠨ ᠤ ᠬᠢᠨ ᠴᠢᠭᠤᠯᠣᠯᠲᠤ ᠬᠠᠭᠠᠯᠭ᠎ᠠ ᠳᠤ ᠪᠠᠶᠢᠬᠤ ᠭᠡᠷ ᠣᠷᠣᠨ | ᠳᠠᠭᠠᠨ ᠬᠦᠷᠪᠡ᠃ | ᠢᠳᠠᠮᠵᠠᠪ ᠴᠢᠭᠤᠯᠣᠯᠲᠤ ᠬᠠᠭᠠᠯᠭ᠎ᠠ ᠳᠠᠬᠢ ᠮᠣᠵᠢ ᠶᠢᠨ ᠨᠢᠭᠡᠳᠦᠭᠡᠷ ᠳᠣᠮᠳᠠᠳᠤ ᠰᠣᠷᠭᠠᠭᠤᠯᠢ ᠪᠠᠨ | ᠲᠡᠭᠦᠰᠦᠭᠡᠳ᠂ ᠪᠡᠭᠡᠵᠢᠩ ᠳᠤ ᠬᠦᠷᠴᠦ ᠮᠣᠩᠭᠤᠯ ᠲᠥᠪᠡᠳ ᠤᠨ ᠰᠣᠷᠭᠠᠭᠤᠯᠢ ᠶᠢᠨ ᠳᠡᠭᠡᠳᠦ ᠵᠡᠷᠭᠡ ᠶᠢᠨ ᠳᠣᠮᠳᠠᠳᠤ | ᠰᠣᠷᠭᠠᠭᠤᠯᠢ ᠲᠡᠭᠦᠰᠴᠦ᠂ ᠪᠡᠭᠡᠵᠢᠩ ᠶᠡᠭᠡ ᠰᠣᠷᠭᠠᠭᠤᠯᠢ ᠶᠢᠨ ᠬᠠᠣᠯᠢ ᠰᠣᠳᠣᠯᠭ᠎ᠠ ᠶᠢᠨ ᠰᠣᠷᠤᠯᠭ᠎ᠠ ᠶᠢᠨ | ᠬᠦᠷᠢᠶᠡᠯᠡᠩ ᠤᠨ ᠣᠯᠣᠰ ᠲᠥᠷᠦ ᠶᠢᠨ ᠰᠠᠯᠪᠣᠷᠢ ᠳᠤ ᠰᠢᠯᠭᠠᠭᠤᠯᠣᠨ ᠣᠷᠣᠵᠤ ᠰᠣᠷᠣᠯᠴᠠᠪᠠ᠃ | 1940 ᠣᠨ ᠤ ᠦᠶ᠎ᠡ ᠪᠠᠷ ᠴᠠᠬᠠᠷ ᠠᠶᠢᠮᠠᠭ ᠤᠨ ᠳᠠᠷᠤᠭ᠎ᠠ ᠵᠣᠳᠪᠠᠵᠠᠪ ᠤᠨ ᠲᠣᠮᠢᠯᠠᠯᠲᠠ ᠪᠠᠷ ᠢᠳᠠᠮᠵᠠᠪ ᠴᠠᠬᠠᠷ | ᠠᠶᠢᠮᠠᠭ ᠤᠨ ᠰᠢᠯᠣᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠠᠷᠠᠳ ᠤᠨ ᠶᠠᠪᠣᠳᠠᠯ ᠤᠨ ᠰᠠᠯᠠᠭᠠᠨ | ᠳᠠᠷᠤᠭ᠎ᠠ ᠶᠢᠨ ᠳᠣᠰᠢᠶᠠᠯ ᠢ ᠬᠠᠷᠢᠭᠤᠴᠠᠪᠠ᠃ ᠶᠠᠫᠣᠨ ᠪᠠᠭᠤᠵᠤ ᠥᠭᠭᠦᠭᠰᠡᠨ ᠤ ᠳᠠᠷᠠᠭ᠎ᠠ ᠮᠢᠩᠭᠠᠨ ᠬᠤᠰᠢᠭᠤᠨ ᠳᠤ | ᠪᠠᠶᠢᠬᠤ ᠭᠡᠷ ᠲᠡᠭᠡᠨ ᠬᠦᠷᠴᠦ ᠲᠦᠷ ᠰᠠᠭᠤᠪᠠ᠃ | ᠶᠦᠨ ᠽᠧ ︵ᠣᠯᠠᠭᠠᠨᠬᠦᠦ︶ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠤᠯᠪᠣᠭᠠᠲᠤ | ᠬᠤᠷᠠᠯ ᠢ ᠴᠢᠭᠤᠯᠣᠯᠲᠤ ᠬᠠᠭᠠᠯᠭ᠎ᠠ ᠳᠤ ᠪᠠᠶᠢᠭᠤᠯᠵᠤ᠂ ᠴᠧᠨ ᠪᠢᠩ ᠢᠦᠢ᠂ ᠰᠤ᠋ ᠵᠢᠶᠠᠨ ᠰᠢᠶᠣᠤ ᠬᠤᠶᠠᠷ ᠢ | ᠲᠣᠮᠢᠯᠠᠨ ᠮᠢᠩᠭᠠᠨ ᠬᠤᠰᠢᠭᠤᠨ ᠳᠤ ᠢᠷᠡᠭᠦᠯᠵᠦ᠂ ᠴᠠᠬᠠᠷ ᠠᠶᠢᠮᠠᠭ ᠤᠨ ᠠᠷᠠᠳ ᠤᠨ ᠲᠥᠯᠦᠭᠡᠯᠡᠭᠴᠢᠳ ᠤᠨ ᠶᠡᠭᠡ | ᠬᠤᠷᠠᠯ ᠢ ᠬᠤᠷᠠᠯᠳᠣᠭᠤᠯᠵᠤ ᠢᠳᠠᠮᠵᠠᠪ ᠢ ᠴᠠᠬᠠᠷ ᠠᠶᠢᠮᠠᠭ ᠤᠨ ᠵᠠᠰᠠᠭ ᠤᠨ ᠣᠷᠳᠣᠨ ᠤ ᠭᠡᠰᠢᠭᠦᠨ᠂ ᠡᠳ᠋ ᠤᠨ | ᠵᠠᠰᠠᠭ ᠤᠨ ᠭᠠᠵᠠᠷ ᠤᠨ ᠭᠠᠵᠠᠷ ᠤᠨ ᠳᠠᠷᠤᠭ᠎ᠠ ᠪᠠᠷ ᠳᠡᠪᠰᠢᠭᠦᠯᠪᠡ᠃ | ᠰᠡᠭᠦᠯᠡᠷ ᠨᠢ ᠢᠳᠠᠮᠵᠠᠪ ᠠᠮᠧᠷᠢᠺᠡ ᠶᠢᠨ ᠬᠠᠮᠲᠣᠷᠠᠨ ᠠᠵᠢᠯᠯᠠᠬᠤ ᠱᠠᠰᠢᠨ ᠤ ᠨᠡᠶᠢᠭᠡᠮᠯᠢᠭ ᠤᠨ ᠱᠠᠰᠢᠨ ᠤ ᠬᠤᠷᠠᠯ ᠤᠨ | ᠣᠷᠢᠯᠭ᠎ᠠ ᠪᠠᠷ ᠰᠢᠶᠠᠩᠭᠠᠩ ᠳᠤ ᠬᠦᠷᠴᠦ᠂ ᠨᠣᠮ ᠲᠠᠷᠨᠢ ᠶᠢᠨ ᠣᠷᠴᠢᠭᠤᠯᠭ᠎ᠠ ᠶᠢᠨ ᠠᠵᠢᠯ ᠢ ᠬᠠᠷᠢᠭᠤᠴᠠᠪᠠ᠃ ᠵᠢᠯ | ᠤᠨ ᠳᠠᠷᠠᠭ᠎ᠠ ᠲᠠᠶᠢᠸᠠᠨ ᠳᠤ ᠬᠦᠷᠴᠦ ᠰᠣᠷᠭᠠᠨ ᠬᠦᠮᠦᠵᠢᠯ ᠤᠨ ᠠᠵᠢᠯ ᠢ ᠬᠢᠭᠰᠡᠨ ᠪᠠᠶᠢᠨ᠎ᠠ᠃ 1965 ᠣᠨ ᠳᠤ | ᠲᠠᠶᠢᠸᠠᠨ ᠠᠴᠠ ᠠᠮᠧᠷᠢᠺᠡ ᠳᠤ ᠬᠦᠷᠴᠦ᠂ ᠠᠮᠧᠷᠢᠺᠡ ᠣᠯᠣᠰ ᠤᠨ ᠰᠢᠶᠠᠲ ᠬᠤᠲᠠ ᠳᠠᠬᠢ ᠸᠠᠰᠢᠩᠲ᠋ᠣᠨ ᠵᠸᠤ ᠶᠢᠨ | ᠶᠡᠭᠡ ᠰᠣᠷᠭᠠᠭᠤᠯᠢ ᠶᠢᠨ ᠠᠯᠣᠰ ᠳᠣᠷᠣᠨ᠎ᠠ ᠶᠢᠨ ᠰᠣᠷᠣᠯᠭ᠎ᠠ ᠶᠢᠨ ᠬᠦᠷᠢᠶᠡᠯᠡᠩ ᠳᠤ ᠪᠠᠭᠰᠢᠯᠠᠪᠠ᠃ ᠪᠣᠰᠣᠳ | ᠡᠷᠳᠡᠮᠲᠡᠨ ᠲᠠᠢ ᠬᠤᠷᠰᠢᠨ ᠮᠣᠩᠭᠤᠯ ᠬᠡᠯᠡ ᠪᠢᠴᠢᠭ᠂ ᠣᠷᠴᠢᠨ ᠴᠠᠭ ᠤᠨ ᠮᠣᠩᠭᠤᠯ ᠣᠳᠬ᠎ᠠ ᠵᠣᠬᠢᠶᠠᠯ᠂ ᠲᠡᠦᠬᠡ᠂ | ᠣᠯᠣᠰ ᠲᠥᠷᠦ᠂ ᠰᠣᠨᠢᠨ ᠮᠡᠳᠡᠭᠡ᠂ ᠰᠠᠯᠠᠸ᠋ ᠮᠣᠩᠭᠤᠯ ᠦᠰᠦᠭ᠂ ᠮᠣᠩᠭᠤᠯ ᠬᠡᠯᠡᠨ ᠤ ᠲᠡᠦᠬᠡ ᠬᠢᠭᠡᠳ ᠡᠷᠲᠡᠨ ᠤ | ᠮᠣᠩᠭᠤᠯ ᠣᠳᠬ᠎ᠠ ᠵᠣᠬᠢᠶᠠᠯ ᠢ ᠣᠩᠰᠢᠨ ᠰᠣᠳᠣᠯᠬᠤ ᠶᠢ ᠵᠢᠯᠣᠭᠤᠳᠴᠤ ᠪᠠᠶᠢᠵᠠᠢ᠃ | ᠢᠳᠠᠮᠵᠠᠪ ᠠᠪᠣᠭᠠᠢ ︽ᠠᠮᠧᠷᠢᠺᠡ ᠶᠢᠨ ᠮᠣᠩᠭᠤᠯ ᠰᠣᠳᠣᠯᠣᠯ︾ ᠤᠨ ᠭᠡᠰᠢᠭᠦᠨ᠂ ︽ᠮᠣᠩᠭᠤᠯ ᠤᠨ ᠰᠣᠶᠣᠯ | ᠰᠣᠳᠣᠯᠣᠯ ᠤᠨ ᠨᠡᠶᠢᠭᠡᠮᠯᠢᠭ︾ ᠤᠨ ᠭᠡᠰᠢᠭᠦᠨ᠂ ︽ᠳᠡᠯᠡᠬᠡᠢ ᠶᠢᠨ ᠮᠣᠩᠭᠤᠯ ᠨᠡᠶᠢᠭᠡᠮᠯᠢᠭ︾ ᠤᠨ ᠭᠡᠰᠢᠭᠦᠨ ᠪᠢᠯᠡ᠃ | ᠲᠡᠷᠡ ᠠᠮᠧᠷᠢᠺᠡ ᠣᠯᠣᠰ ᠤᠨ ᠳᠡᠯᠡᠬᠡᠢ ᠶᠢᠨ ᠣᠯᠠᠨ ᠣᠯᠣᠰ ᠲᠤ ᠠᠯᠳᠠᠷᠰᠢᠭᠰᠠᠨ ᠮᠣᠩᠭᠤᠯ ᠰᠣᠳᠣᠯᠣᠯ ᠤᠨ | ᠡᠷᠳᠡᠮᠲᠡᠨ ᠫᠷᠣᠹᠧᠰᠰᠣᠷ ᠪᠣᠪᠫᠸᠢ ᠪᠠ ᠶᠠᠫᠣᠨ ᠣᠯᠣᠰ ᠤᠨ ᠲᠣᠣᠺᠢᠤ᠋ ᠳᠠᠬᠢ ᠭᠠᠳᠠᠭᠠᠳᠤ ᠬᠡᠯᠡᠨ ᠤ ᠶᠡᠭᠡ | ᠰᠣᠷᠭᠠᠭᠤᠯᠢ ᠶᠢᠨ ᠠᠽᠢᠶ᠎ᠠ ᠠᠹᠷᠢᠺᠡ ᠬᠡᠯᠡ ᠰᠣᠳᠣᠯᠬᠤ ᠭᠠᠵᠠᠷ ᠤᠨ ᠫᠷᠣᠹᠧᠰᠰᠣᠷ ᠣᠺᠠᠳᠠ ᠬᠡᠳᠡᠡᠭᠡᠷᠡ ᠨᠠᠷ ᠲᠠᠢ | ᠬᠤᠷᠰᠢᠨ ᠮᠣᠩᠭᠤᠯ ᠬᠡᠯᠡ ᠪᠢᠴᠢᠭ᠂ ᠮᠣᠩᠭᠤᠯ ᠣᠷᠠᠨ ᠵᠣᠬᠢᠶᠠᠯ ᠪᠣᠯᠣᠨ ᠮᠣᠩᠭᠤᠯ ᠣᠯᠣᠰ ᠤᠨ ᠰᠡᠯᠡᠸ᠋ ᠮᠣᠩᠭᠤᠯ | ᠦᠰᠦᠭ᠂ ᠰᠣᠨᠢᠨ ᠰᠡᠳᠬᠦᠯ ᠤᠨ ᠰᠣᠳᠣᠯᠣᠯ ᠢ ᠬᠠᠮᠲᠤ ᠪᠠᠷ ᠵᠢᠭᠠᠪᠠ᠃ ᠲᠡᠷᠡᠴᠢᠯᠡᠨ ᠳᠡᠮᠡᠢ ᠣᠳᠠᠯ ᠦᠭᠡᠢ ᠪᠠᠷ | ᠸᠠᠰᠢᠩᠲ᠋ᠣᠨ ᠶᠡᠭᠡ ᠰᠣᠷᠭᠠᠭᠤᠯᠢ ᠶᠢᠨ ᠳᠣᠷᠣᠨᠠᠲᠤ ᠠᠽᠢᠶ᠎ᠠ ᠶᠢᠨ ᠰᠣᠳᠣᠯᠭᠠᠨ ᠤ ᠲᠥᠯᠦᠪᠯᠡᠭᠡ ᠶᠢᠨ ᠳᠡᠳ᠋ | ᠰᠣᠳᠣᠯᠣᠭᠴᠢ ᠪᠠᠷ ᠣᠷᠢᠭᠳᠠᠵᠤ᠂ ᠠᠮᠧᠷᠢᠺᠠ ᠣᠯᠣᠰ ᠤᠨ ᠡᠷᠳᠡᠮᠲᠡᠨ᠂ ᠳᠡᠳ᠋ ᠡᠷᠳᠡᠮᠲᠡᠨ ᠴᠣᠯᠠ ᠣᠯᠭᠤᠬᠤ | ᠵᠢᠯᠣᠭᠤᠳᠣᠭᠴᠢ ᠪᠠᠭᠰᠢ ᠪᠣᠯᠵᠤ᠂ 1974 ᠣᠨ ᠬᠦᠷᠲᠡᠯ᠎ᠡ ᠠᠵᠢᠯᠯᠠᠪᠠ᠃ | 1975 ᠣᠨ ᠠᠴᠠ 1976 ᠣᠨ ᠬᠦᠷᠲᠡᠯ᠎ᠡ ᠲᠠᠶᠢᠸᠠᠨ ᠤ ᠲᠠᠶᠢᠪᠸᠢ ᠬᠤᠲᠠᠨ ᠳᠤ ᠮᠣᠩᠭᠤᠯ ᠬᠡᠯᠡ ᠪᠢᠴᠢᠭ | ᠪᠣᠯᠣᠨ ᠲᠡᠦᠬᠡ ᠶᠢᠨ ᠮᠠᠲ᠋ᠧᠷᠢᠶᠠᠯ ᠢ ᠡᠮᠬᠢᠳᠭᠡᠨ ᠴᠣᠭᠯᠠᠭᠤᠯᠵᠤ ᠰᠣᠳᠣᠯᠬᠤ ᠠᠵᠢᠯ ᠢ ᠭᠠᠷᠳᠠᠨ ᠬᠢᠭᠰᠡᠨ ᠪᠥᠭᠡᠳ | ᠭᠠᠳᠠᠭᠠᠳᠤ ᠶᠢᠨ ᠰᠣᠷᠣᠭᠴᠢᠳ ᠤᠨ ᠮᠣᠩᠭᠤᠯ ᠬᠡᠯᠡ ᠪᠢᠴᠢᠭ ᠰᠣᠷᠴᠤ ᠰᠣᠳᠣᠯᠬᠤ ᠶᠢ ᠵᠢᠯᠣᠭᠤᠳᠬᠤ ᠠᠵᠢᠯ ᠢ | ᠬᠢᠪᠡ᠃ | 1977 ᠣᠨ ᠳᠤ ᠳᠡᠯᠡᠬᠡᠢ ᠶᠢᠨ ᠣᠯᠠᠨ ᠣᠯᠣᠰ ᠤᠨ ᠠᠯᠳᠠᠷᠲᠤ ᠮᠣᠩᠭᠤᠯ ᠰᠣᠳᠣᠯᠣᠯ ᠤᠨ ᠰᠣᠳᠣᠯᠭᠠᠨ ᠤ | ᠲᠦᠪ ᠤᠨ ᠨᠢᠭᠡᠨ ᠪᠣᠯᠬᠤ ᠺᠠᠨᠠᠳᠠ ᠶᠢᠨ ᠳᠣᠷᠣᠨᠲ᠋ᠦ᠋ ᠶᠡᠭᠡ ᠰᠣᠷᠭᠠᠭᠤᠯᠢ ᠶᠢᠨ ᠳᠣᠷᠣᠨ᠎ᠠ ᠠᠽᠢᠶ᠎ᠠ ᠶᠢᠨ ᠰᠣᠳᠣᠯᠭᠠᠨ | ᠤ ᠬᠦᠷᠢᠶᠡᠯᠡᠩ ᠳᠤ ᠵᠥᠪᠯᠡᠭᠴᠢ ᠫᠷᠣᠹᠧᠰᠰᠣᠷ ᠢᠶᠠᠷ ᠣᠷᠢᠭᠳᠠᠵᠤ᠂ ᠮᠣᠩᠭᠤᠯ ᠬᠡᠯᠡ ᠪᠢᠴᠢᠭ ᠲᠠᠶᠢᠯᠪᠣᠷᠢᠯᠠᠨ | ᠪᠠᠭᠰᠢᠯᠠᠭᠰᠠᠨ ᠪᠥᠭᠡᠳ ᠲᠣᠰ ᠰᠣᠷᠭᠠᠭᠤᠯᠢ ᠶᠢᠨ ᠫᠷᠣᠹᠧᠰᠰᠣᠷ ᠱᠢ ᠸᠧᠨ ᠯᠢᠨ ᠢ ᠬᠠᠪᠰᠣᠷᠣᠨ ᠮᠣᠩᠭᠤᠯ ᠬᠡᠯᠡᠨ ᠤ | ᠰᠣᠳᠣᠯᠭᠠᠨ ᠤ ᠠᠵᠢᠯ ᠢ ᠭᠤᠷᠪᠠᠨ ᠵᠢᠯ ᠬᠢᠵᠦ᠂ 1980 ᠣᠨ ᠳᠤ ᠨᠠᠰᠣᠨ ᠤ ᠠᠮᠠᠷᠠᠯᠲᠠ ᠠᠪᠴᠤ ᠠᠮᠧᠷᠢᠺᠡ ᠶᠢᠨ | ᠯᠣᠰ ᠠᠩᠵᠧᠯᠧᠰ ᠬᠤᠲᠠᠨ ᠳᠤ ᠨᠣᠲᠣᠭᠰᠢᠵᠠᠢ᠃ | ᠢᠳᠠᠮᠵᠠᠪ ᠠᠪᠣᠭᠠᠢ ᠶᠢᠨ ᠭᠤᠣᠯ ᠪᠣᠯᠬᠤ ᠵᠣᠬᠢᠶᠠᠯ ᠪᠥᠲᠦᠭᠡᠯ᠄ | ⒈ ︽ᠮᠣᠩᠭᠤᠯ ᠣᠷᠠᠨ ᠵᠣᠬᠢᠶᠠᠯ ᠤᠨ ᠲᠡᠦᠬᠡᠨ ᠦᠭᠦᠯᠡᠮᠵᠢ︾ ︵13~15 ᠳ᠋ᠣᠭᠠᠷ ᠵᠠᠭᠤᠨ︶᠂ ᠪᠥᠬᠦ | ᠳᠡᠪᠲᠡᠷ 376 ᠨᠢᠭᠤᠷ᠂ 1988 ᠣᠨ ᠳᠤ ᠲᠠᠶᠢᠸᠠᠨ ᠤ ᠲᠠᠶᠢᠪᠸᠢ ᠬᠤᠲᠠ ᠶᠢᠨ ᠰᠣᠶᠣᠯ ᠤᠨ ᠳᠣᠷᠠᠰᠬᠠᠯᠲᠤ | ᠵᠦᠢᠯ ᠬᠠᠩᠭᠠᠯᠭ᠎ᠠ ᠶᠢᠨ ᠬᠤᠷᠰᠢᠶᠠᠯᠠᠯ ᠠᠴᠠ ᠬᠡᠪᠯᠡᠪᠡ᠃ ᠡᠨᠡ ᠨᠢ 25 ᠲᠥᠮᠡ ᠭᠠᠷᠣᠢ ᠦᠰᠦᠭ ᠲᠠᠢ ᠵᠣᠬᠢᠶᠠᠯ | ᠪᠣᠯᠬᠤ ᠪᠥᠭᠡᠳ ︽ᠳᠣᠮᠳᠠᠳᠤ ᠶᠢᠨ ᠰᠣᠶᠣᠯ ᠴᠣᠪᠣᠷᠠᠯ ᠪᠢᠴᠢᠭ︾ ᠤᠨ ᠨᠢᠭᠡ ᠪᠠᠷ ᠵᠢᠭᠰᠠᠭᠠᠭᠳᠠᠪᠠ᠃ | ⒉ ︽ᠮᠣᠩᠭᠤᠯ ᠣᠳᠬ᠎ᠠ ᠵᠣᠬᠢᠶᠠᠯ ᠤᠨ ᠲᠣᠶᠢᠮᠤ ᠦᠭᠦᠯᠡᠯ︾ ︵ᠣᠷᠴᠢᠭᠤᠯᠣᠭᠳᠠᠭᠰᠠᠨ ᠳᠡᠪᠲᠡᠷ︶᠂ ︵ | 15~17 ᠳ᠋ᠣᠭᠠᠷ ᠵᠠᠭᠤᠨ ᠤ ᠦᠶ᠎ᠡ ᠶᠢᠨ ᠮᠣᠩᠭᠤᠯ ᠣᠳᠬ᠎ᠠ ᠵᠣᠬᠢᠶᠠᠯ ᠢ ᠦᠭᠦᠯᠡᠪᠡ︶᠂ ᠪᠥᠬᠦ ᠬᠡᠪᠯᠡᠯ 70 | ᠢᠯᠡᠭᠦᠦ ᠲᠥᠮᠡᠨ ᠦᠰᠦᠭ ᠲᠠᠢ᠃ | ⒊ ᠮᠣᠩᠭᠤᠯ᠂ ᠬᠢᠲᠠᠳ᠂ ᠠᠩᠭ᠍ᠯᠢ ︽ᠮᠣᠩᠭᠤᠯ ᠬᠡᠯᠡᠨ ᠤ ᠵᠦᠢ ᠶᠢᠨ ᠳᠥᠭᠦᠮ ᠭᠠᠷ ᠳᠡᠪᠲᠡᠷ︾ ︵ᠪᠥᠬᠦ | ᠳᠡᠪᠲᠡᠷ 300 ᠢᠯᠡᠭᠦᠦ ᠨᠢᠭᠤᠷ︶᠃ | ⒋ ᠮᠣᠩᠭᠤᠯ᠂ ᠬᠢᠲᠠᠳ᠂ ᠠᠩᠭ᠍ᠯᠢ ︽ᠮᠣᠩᠭᠤᠯ ᠬᠡᠯᠡᠨ ᠤ ᠦᠷᠭᠦᠯᠵᠢ ᠬᠡᠷᠡᠭᠯᠡᠭᠳᠡᠬᠦ ᠦᠭᠡᠰ ᠢ ᠲᠥᠷᠦᠯ | ᠬᠤᠪᠢᠶᠠᠭᠰᠠᠨ ᠲᠣᠯᠢ︾ ︵ᠪᠥᠬᠦ ᠳᠡᠪᠲᠡᠷ 500 ᠨᠢᠭᠤᠷ︶᠃ | ⒌ ᠠᠩᠭ᠍ᠯᠢ ᠣᠷᠴᠢᠭᠤᠯᠭᠠᠲᠤ ︽ᠰᠢᠨ᠎ᠡ ᠨᠠᠶᠢᠷᠠᠭᠤᠯᠣᠭᠰᠠᠨ ᠮᠣᠩᠭᠤᠯ ᠬᠢᠲᠠᠳ ᠦᠭᠦᠯᠡᠪᠦᠷᠢ ᠶᠢᠨ ᠲᠣᠯᠢ︾ | ︵ᠪᠥᠬᠦ ᠳᠡᠪᠲᠡᠷ 500 ᠨᠢᠭᠤᠷ︶᠃ | ᠢᠳᠠᠮᠵᠠᠪ ᠠᠪᠣᠭᠠᠢ ᠶᠢᠨ ᠳᠣᠰᠬᠠᠢ ᠰᠡᠳᠦᠪ ᠤᠨ ᠰᠣᠳᠣᠯᠣᠯ᠄ | ⒈ ︽ ︿ ᠮᠣᠩᠭᠤᠯ ᠤᠨ ᠨᠢᠭᠤᠴᠠ ᠳᠣᠪᠴᠢᠶᠠᠨ﹀ ᠤ ᠣᠭ ᠵᠣᠬᠢᠶᠠᠯᠴᠢ ᠶᠢᠨ ᠳᠣᠬᠠᠢ ᠡᠷᠢᠯᠬᠢᠯᠡᠯ︾᠂ | 1989 ᠣᠨ ᠳᠤ ᠲᠠᠶᠢᠸᠠᠨ ᠤ ᠲᠠᠶᠢᠪᠸᠢ ᠬᠤᠲᠠ ᠶᠢᠨ ᠳᠣᠮᠳᠠᠳᠤ ᠶᠢᠨ ᠰᠣᠶᠣᠯ ᠤᠨ ᠶᠡᠭᠡ ᠰᠣᠷᠭᠠᠭᠤᠯᠢ ᠳᠤ | ᠶᠠᠪᠣᠭᠳᠠᠪᠠ᠃ | ⒉ ︽ᠴᠣᠭᠲᠤ ᠲᠠᠶᠢᠵᠢ ᠶᠢᠨ ᠰᠢᠯᠦᠭ ᠳᠠᠭᠤᠯᠠᠯ ᠤᠨ ᠲᠠᠶᠢᠯᠪᠣᠷᠢ︾᠂ 1990 ᠣᠨ ᠳᠤ ᠠᠮᠧᠷᠢᠺᠠ | ᠣᠯᠣᠰ ᠲᠤ ᠶᠠᠪᠣᠭᠳᠠᠪᠠ᠃ | ᠢᠳᠠᠮᠵᠠᠪ᠂ 1990 ᠣᠨ ᠳᠤ ︽ᠴᠠᠬᠠᠷ ᠮᠣᠩᠭᠤᠯ︾᠂ 2004 ᠣᠨ ᠳᠤ ︽ᠮᠢᠩᠭᠠᠨ ᠬᠤᠰᠢᠭᠤᠨ ᠤ ᠲᠡᠦᠬᠡ | ᠶᠢᠨ ᠲᠣᠶᠢᠮᠤ︾ ᠵᠡᠷᠭᠡ ᠨᠣᠮ ᠳᠤ ᠲᠡᠮᠳᠡᠭᠯᠡᠭᠳᠡᠵᠡᠢ᠃ | ︽ᠰᠢᠯᠣᠭᠤᠨ ᠬᠥᠬᠡ ᠬᠤᠰᠢᠭᠤᠨ ᠤ ᠴᠣᠣᠳᠤ ᠬᠦᠮᠦᠰ︾ ᠨᠣᠮ ᠠᠴᠠ ᠮᠠᠶᠢᠯᠠᠰᠤ ᠪᠠᠭᠤᠯᠭᠠᠪᠠ᠃ | |