ᠠᠯᠲᠠᠠᠭᠡᠷᠡᠯ
ᠨᠡᠶᠢᠲᠡᠯᠡᠭᠰᠡᠨ ᠴᠠᠭ᠄
2020/4/2
       ᠠᠯᠲᠠᠠᠭᠡᠷᠡᠯ ︵1909~1972 ᠣᠨ︶᠂ ᠴᠢᠩ ᠣᠯᠣᠰ ᠤᠨ ᠬᠡᠪᠲᠦ ᠶᠣᠰᠣᠨ ᠤ ᠠᠩᠬᠠᠳᠣᠭᠠᠷ ᠣᠨ ᠂ ᠰᠢᠷᠠᠭᠴᠢᠨ ᠳᠠᠬᠢᠶ᠎ᠠ ᠵᠢᠯ ᠤᠨ ᠭᠤᠷᠪᠠᠳᠣᠭᠠᠷ ᠰᠠᠷ᠎ᠠ ᠶᠢᠨ ᠬᠤᠶᠠᠷ ᠤᠨ ᠡᠳᠦᠷ᠂ ᠭᠤᠷᠪᠠᠨ ᠬᠤᠰᠢᠭᠤ ᠳᠠᠷᠢᠭᠠᠩᠭ᠎ᠠ ᠦᠬᠡᠷ ᠬᠤᠨᠢᠨ ᠰᠦᠷᠦᠭ ᠤᠨ ᠬᠥᠬᠡᠬᠤᠲᠠ ︵ᠣᠳᠣᠬᠢ ᠣᠯᠠᠭᠠᠨᠴᠠᠪ ᠠᠶᠢᠮᠠᠭ ᠤᠨ ᠰᠢᠩ ᠾᠧ ᠰᠢᠶᠠᠨ ᠤ ᠬᠠᠷᠢᠶᠠᠨ  ᠳᠤ ᠪᠣᠢ︶ ᠬᠡᠮᠡᠬᠦ ᠭᠠᠵᠠᠷ ᠳ᠋ᠠᠮᠪᠠ ᠶᠢᠨ ᠭᠡᠷ ᠲᠤ ᠲᠥᠷᠦᠵᠡᠢ᠃       ᠠᠯᠲᠠᠠᠭᠡᠷᠡᠯ ᠥᠪᠡᠷ ᠤᠨ ᠨᠠᠮᠲᠠᠷ ᠳᠠᠭᠠᠨ ︽ᠮᠢᠨᠤ ᠡᠪᠦᠭᠡ ᠮᠠᠯᠴᠢᠨ᠂ ᠡᠴᠢᠭᠡ ᠲᠣᠰ ᠬᠤᠰᠢᠭᠤᠨ ᠤ ︵ᠭᠦᠯᠦ ᠰᠢᠷ᠎ᠠ ᠬᠤᠨᠢᠴᠢᠨ ᠢ ᠵᠢᠭᠠᠵᠤ ᠪᠠᠶᠢᠭ᠎ᠠ ᠪᠣᠯᠣᠯᠲᠠᠢ︶ ᠪᠠᠨ ᠪᠢᠳᠭᠡᠰᠢ ᠪᠠᠶᠢᠪᠠ᠃ ᠨᠠᠮᠠᠢᠢ 13 ᠨᠠᠰᠣᠯᠠᠬᠤ ᠦᠶ᠎ᠡ ᠳᠤ ᠮᠢᠨᠤ ᠡᠴᠢᠭᠡ ᠡᠬᠡ ᠬᠤᠶᠢᠨ᠎ᠠ ᠬᠤᠶᠢᠨ᠎ᠠ ᠠᠴᠠ ᠪᠠᠨ ᠨᠠᠰᠤ ᠨᠥᠭᠴᠢᠭᠰᠡᠨ ᠪᠣᠯᠬᠤᠷ ᠪᠢ ᠠᠪᠠᠭ᠎ᠠ ᠯᠠᠮᠠ  ᠶᠢᠨ ᠢᠶᠠᠨ ᠭᠠᠷ ᠳᠡᠭᠡᠷ᠎ᠡ ᠥᠰᠴᠦ ᠪᠣᠶᠢᠵᠢᠪᠠ︾ ᠭᠡᠵᠦ ᠪᠢᠴᠢᠭᠡᠳ ᠲᠡᠳᠡ ᠨᠠᠷ ᠤᠨ ᠨᠡᠷ᠎ᠡ ᠨᠠᠰᠣ ᠵᠡᠷᠭᠡ ᠶᠢ ᠴᠥᠮ ᠲᠡᠮᠳᠡᠭᠯᠡᠭᠰᠡᠨ ᠦᠭᠡᠢ ᠪᠠᠶᠢᠪᠠ᠃      ᠠᠯᠲᠠᠨᠭᠡᠷᠡᠯ ᠪᠠᠭᠰᠢ ᠶᠢᠨ ᠨᠠᠮᠲᠠᠷ ᠢ ᠦᠨᠳᠦᠰᠦᠯᠡᠪᠡᠯ᠄ ᠲᠡᠷᠡ ᠨᠠᠢᠮᠠᠨ ᠨᠠᠰᠣᠨ ᠠᠴᠠ ᠪᠠᠨ ᠡᠬᠢᠯᠡᠨ ᠮᠣᠩᠭᠤᠯ ᠦᠰᠦᠭ ᠤᠨ ᠴᠠᠭᠠᠨ ᠲᠣᠯᠣᠭᠠᠢ ᠵᠢᠭᠠᠯᠭᠠᠵᠤ᠂ ᠠᠷᠪᠠᠨ ᠨᠢᠭᠡᠨ ᠨᠠᠰᠣᠨ ᠠᠴᠠ ᠪᠠᠨ ᠠᠷᠪᠠᠨ ᠭᠤᠷᠪᠠ ᠬᠦᠷᠲᠡᠯ᠎ᠡ ᠭᠡᠷ  ᠤᠨ ᠰᠣᠷᠭᠠᠭᠤᠯᠢ ᠳᠤ ᠬᠤᠶᠠᠷ ᠵᠢᠯ ᠮᠣᠩᠭᠤᠯ᠂ ᠬᠢᠲᠠᠳ᠂ ᠮᠠᠨᠵᠤ ᠪᠢᠴᠢᠭ ᠵᠢᠭᠠᠯᠭᠠᠨ ᠠᠷᠪᠠᠨ ᠳᠥᠷᠪᠡᠨ ᠨᠠᠰᠣᠲᠠᠢ  ᠳᠠᠭᠠᠨ ᠴᠠᠬᠠᠷ ᠳᠣᠰᠬᠠᠢ ᠣᠷᠣᠨ ᠠᠴᠠ ᠪᠠᠶᠢᠭᠤᠯᠣᠭᠰᠠᠨ ︽ᠦᠭᠡᠷ ᠬᠤᠨᠢᠨ ᠰᠦᠷᠦᠭ ᠤᠨ ᠪᠠᠭ᠎ᠠ ᠰᠣᠷᠭᠠᠭᠤᠯᠢ︾  ᠳᠤ ᠣᠷᠣᠵᠤ ᠪᠢᠴᠢᠭ ᠦᠵᠡᠵᠡᠢ᠃ ᠲᠡᠷᠡ ᠦᠶ᠎ᠡ ᠳᠤ ᠰᠣᠷᠭᠠᠭᠤᠯᠢ ᠶᠢᠨ ᠨᠡᠷ᠎ᠡ ᠬᠡᠮᠡᠨ ᠳ᠋ᠧᠩ ᠶᠣᠸᠠᠨ ᠹᠠᠩ ︵邓源芳︶ ᠭᠡᠰᠡᠨ ᠬᠢᠲᠠᠳ ᠨᠡᠷ᠎ᠡ ᠬᠡᠷᠡᠭᠯᠡᠵᠦ ᠥᠩᠭᠡᠷᠡᠵᠡᠢ᠃ ᠲᠣᠰ ᠰᠣᠷᠭᠠᠭᠤᠯᠢ ᠳᠤ ᠴᠣᠯ ᠬᠢᠲᠠᠳ ᠢᠶᠠᠷ ᠳᠥᠷᠪᠡᠨ ᠵᠢᠯ ᠰᠣᠷᠣᠯᠴᠠᠨ 1928 ᠣᠨ ᠤ ᠨᠠᠮᠣᠷ᠂ ᠰᠢᠯᠢᠳᠡᠭ ᠬᠢᠷᠢ ᠪᠦᠲᠦᠮᠵᠢ ᠪᠠᠷ ᠰᠣᠷᠭᠠᠭᠤᠯᠢ ᠪᠠᠨ ᠲᠡᠭᠦᠰᠴᠦ᠂ ᠴᠠᠬᠠᠷ ᠨᠠᠢᠮᠠᠨ ᠬᠤᠰᠢᠭᠤᠨ ᠤ ᠥᠨᠳᠦᠷ ᠵᠡᠷᠭᠡ ᠶᠢᠨ ᠪᠠᠭ᠎ᠠ ᠰᠣᠷᠭᠠᠭᠤᠯᠢ ᠶᠢ ᠳᠠᠮᠵᠢᠭᠰᠠᠨ ᠦᠭᠡᠢ ᠪᠠᠷ 1929 ᠣᠨ ᠳᠤ ᠰᠢᠭᠤᠳ ᠴᠠᠬᠠᠷ ᠮᠣᠵᠢ ᠶᠢᠨ ᠪᠠᠶᠢᠭᠤᠯᠣᠭᠰᠨ ᠠᠩᠬ᠎ᠠ ᠵᠡᠷᠭᠡ ᠶᠢᠨ ᠪᠠᠭᠰᠢ ᠶᠢᠨ ᠳᠦᠷᠢᠮᠲᠦ ᠰᠣᠷᠭᠠᠭᠤᠯᠢ ᠳᠤ ᠰᠢᠯᠭᠠᠭᠤᠯᠣᠨ ᠣᠷᠣᠵᠠᠢ᠃ ᠲᠣᠰ ᠰᠣᠷᠭᠠᠭᠤᠯᠢ ᠳᠤ ᠭᠤᠷᠪᠠᠨ ᠵᠢᠯ ᠰᠣᠷᠣᠯᠴᠠᠨ 1932 ᠣᠨ ᠤ ᠨᠠᠮᠣᠷ ᠰᠣᠷᠭᠠᠭᠤᠯᠢ ᠪᠠᠨ ᠲᠡᠭᠦᠰᠪᠡ᠃ ᠳᠠᠷᠠᠭ᠎ᠠ ᠵᠢᠯ ᠨᠢ ᠳᠣᠯᠣᠨᠨᠠᠭᠤᠷ ᠢ ᠶᠠᠫᠣᠨ ᠡᠵᠡᠯᠡᠭᠰᠡᠨ ᠳᠤ ᠵᠢᠯ ᠭᠠᠷᠣᠢ ᠶᠠᠫᠣᠨ ᠤ ᠪᠠᠶᠢᠭᠤᠯᠭ᠎ᠠ ᠳᠤ ᠣᠷᠴᠢᠭᠤᠯᠭ᠎ᠠ ᠶᠢᠨ ᠠᠵᠢᠯ ᠬᠢᠭᠡᠳ ᠨᠣᠲᠤᠭ ᠲᠠᠭᠠᠨ ᠪᠣᠴᠠᠨ ᠢᠷᠡᠵᠦ ᠭᠡᠷ ᠤᠨ ᠰᠣᠷᠭᠠᠭᠤᠯᠢ ᠳᠤ ᠭᠤᠷᠪᠠᠨ ᠵᠢᠯ ᠪᠠᠭᠰᠢᠯᠠᠪᠠ᠃      1935 ᠣᠨ ᠳᠤ ᠴᠠᠬᠠᠷ ᠴᠢᠭᠤᠯᠭᠠᠨ ᠤ ᠪᠠᠭᠰᠢ ᠶᠢᠨ ᠳᠦᠷᠢᠮᠲᠦ ᠰᠣᠷᠭᠠᠭᠤᠯᠢ ᠲᠡᠭᠦᠰᠦᠭᠡᠳ ᠴᠠᠬᠠᠷ ᠴᠢᠭᠤᠯᠭᠠᠨ ᠤ ᠰᠣᠷᠭᠠᠨ ᠬᠦᠮᠦᠵᠢᠯ ᠤᠨ ᠲᠢᠩᠬᠢᠮ ᠤᠨ ᠮᠣᠩᠭᠤᠯ ᠰᠠᠯᠠᠭᠠᠨ ᠤ ᠭᠠᠵᠠᠷ ᠠᠵᠢᠯᠯᠠᠪᠠ᠃      1936 ᠣᠨ ᠠᠴᠠ 1941 ᠣᠨ ᠬᠦᠷᠲᠡᠯ᠎ᠡ ᠵᠠᠩᠪᠸᠢ ᠳᠠᠬᠢ ᠮᠣᠩᠭᠤᠯ ᠵᠠᠯᠠᠭᠤᠰ ᠤᠨ ᠰᠣᠷᠭᠠᠭᠤᠯᠢ ᠳᠤ ᠰᠣᠷᠭᠠᠭᠴᠢ ᠪᠠᠶᠢᠪᠠ᠃      1941 ᠣᠨ ᠠᠴᠠ 1945 ᠣᠨ ᠤ 6 ᠰᠠᠷ᠎ᠠ ᠬᠦᠷᠲᠡᠯ᠎ᠡ ᠴᠠᠬᠠᠷ ᠴᠢᠭᠤᠯᠭᠠᠨ ᠤ ᠦᠬᠢᠳ ᠤᠨ ᠰᠣᠷᠭᠠᠭᠤᠯᠢ ᠳᠤ ᠳᠡᠳ᠋ ᠳᠠᠷᠤᠭ᠎ᠠ ᠪᠣᠯᠪᠠ᠃      1945 ᠣᠨ ᠤ 6 ᠰᠠᠷ᠎ᠠ ᠳᠤ ᠬᠥᠪᠡᠭᠡᠲᠦ ᠰᠢᠷ᠎ᠠ ᠬᠤᠰᠢᠭᠤᠨ ᠤ ᠵᠠᠯᠠᠨ᠂ ᠵᠠᠩᠭᠢ ᠶᠢᠨ ᠳᠣᠰᠢᠶᠠᠯ ᠳᠤ ᠲᠣᠮᠢᠯᠠᠭᠳᠠᠨ ᠠᠵᠢᠯᠯᠠᠪᠠ᠃      1946 ᠣᠨ ᠤ 1 ᠰᠠᠷ᠎ᠠ ᠳᠤ ᠬᠠᠪᠢᠷᠭ᠎ᠠ ᠳᠤ ᠴᠠᠬᠠᠷ ᠴᠢᠭᠤᠯᠭᠠᠨ ᠤ ᠠᠷᠠᠳᠴᠢᠯᠠᠭᠰᠠᠨ ᠵᠠᠰᠠᠭ ᠤᠨ ᠣᠷᠳᠣᠨ ᠢ ᠪᠠᠶᠢᠭᠤᠯᠬᠤ ᠳᠤ ᠠᠯᠲᠠᠨᠭᠡᠷᠡᠯ ᠮᠢᠩᠭᠠᠨ ᠬᠤᠰᠢᠭᠤᠨ ᠤ ᠲᠥᠯᠦᠭᠡᠯᠡᠭᠴᠢ ᠪᠠᠷ ᠣᠴᠢᠵᠤ᠂ ᠰᠤ᠋ ᠵᠢᠶᠠᠨ ᠰᠢᠶᠣᠤ᠂ ᠴᠧᠩ ᠪᠢᠩ ᠢᠦᠢ ᠲᠠᠢ ᠣᠴᠠᠷᠠᠨ ᠬᠤᠪᠢᠰᠬᠠᠯ ᠤᠨ ᠠᠵᠢᠯ ᠳᠤ ᠣᠷᠣᠭᠰᠠᠨ ᠪᠠᠶᠢᠨ᠎ᠠ᠃      1946 ᠣᠨ ᠤ 3 ᠰᠠᠷ᠎ᠠ ᠳᠤ ᠮᠢᠩᠭᠠᠨ ᠬᠤᠰᠢᠭᠤᠨ ᠤ ᠠᠷᠠᠳᠴᠢᠯᠠᠭᠰᠠᠨ ᠵᠠᠰᠠᠭ ᠤᠨ ᠣᠷᠳᠣᠨ ᠤ ᠨᠠᠷᠢᠨ ᠪᠢᠴᠢᠭ ᠤᠨ ᠠᠯᠪᠠᠨ ᠭᠡᠷ ᠤᠨ ᠡᠷᠬᠢᠯᠡᠭᠴᠢ ᠶᠢᠨ ᠳᠣᠰᠢᠶᠠᠯ ᠳᠤ ᠳᠣᠮᠢᠯᠠᠭᠳᠠᠵᠤ᠂ 7 ᠳ᠋ᠣᠭᠠᠷ ᠰᠠᠷ᠎ᠠ ᠳᠤ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠮᠢᠩᠭᠠᠨ ᠬᠤᠰᠢᠭᠤᠨ ᠤ ᠰᠠᠯᠪᠣᠷᠢ ᠬᠤᠷᠠᠯ ᠤᠨ ᠡᠷᠬᠢᠯᠡᠭᠴᠢ  ᠪᠠᠷ ᠲᠣᠮᠢᠯᠠᠭᠳᠠᠭᠰᠠᠨ ᠪᠥᠭᠡᠳ 1947 ᠣᠨ ᠤ 1 ᠳ᠋ᠣᠭᠡᠷ ᠰᠠᠷ᠎ᠠ ᠳᠤ ᠮᠢᠩᠭᠠᠨ ᠬᠤᠰᠢᠭᠤᠨ ᠤ ᠳᠠᠷᠤᠭ᠎ᠠ ᠳᠣᠷᠵᠢᠶᠦ᠋ᠩᠷᠦ᠋ᠩ ᠢ ᠲᠠᠪᠣᠨ ᠰᠠᠷ᠎ᠠ ᠶᠢᠨ ᠨᠢᠭᠡᠨ ᠤ ᠶᠡᠭᠡ ᠬᠤᠷᠠᠯ ᠳᠤ ᠣᠷᠣᠯᠴᠠᠬᠤ ᠪᠠᠷ ᠵᠠᠰᠠᠭᠲᠤ ᠸᠠᠩ ᠤᠨ ᠰᠦᠮ᠎ᠡ ︵ᠣᠳᠣᠬᠢ ᠣᠯᠠᠭᠠᠨᠬᠤᠲᠠ︶ ᠵᠦᠭ ᠶᠠᠪᠣᠭᠰᠠᠨ ᠬᠤᠭᠤᠷᠣᠨᠳᠤ ᠮᠢᠩᠭᠠᠨ ᠬᠤᠰᠢᠭᠤᠨ ᠤ ᠳᠠᠷᠤᠭ᠎ᠠ ᠶᠢᠨ ᠣᠷᠤ ᠶᠢ ᠲᠦᠷ ᠰᠠᠬᠢᠵᠤ ᠪᠠᠶᠢᠪᠠ᠃      1948 ᠣᠨ ᠤ 12 ᠰᠠᠷ᠎ᠠ ᠠᠴᠠ 1949 ᠣᠨ ᠤ 12 ᠰᠠᠷ᠎ᠠ ᠬᠦᠷᠲᠡᠯ᠎ᠡ ᠴᠠᠬᠠᠷ ᠴᠢᠭᠤᠯᠭᠠᠨ ᠤ ᠵᠠᠰᠠᠭ  ᠤᠨ ᠣᠷᠳᠣᠨ ᠤ ᠰᠣᠶᠣᠯ ᠭᠡᠭᠡᠷᠡᠯ ᠤᠨ ᠭᠠᠵᠠᠷ ᠤᠨ ᠰᠣᠷᠭᠠᠨ ᠬᠦᠮᠦᠵᠢᠯ ᠤᠨ ᠰᠠᠯᠠᠭᠠᠨ ᠤ ᠳᠠᠷᠤᠭ᠎ᠠ ᠪᠠᠶᠢᠪᠠ᠃      1950 ᠣᠨ ᠤ 1 ᠳ᠋ᠣᠭᠡᠷ ᠰᠠᠷ᠎ᠠ ᠠᠴᠠ 1958 ᠣᠨ ᠤ 7 ᠳ᠋ᠣᠭᠠᠷ ᠰᠠᠷ᠎ᠠ ᠬᠦᠷᠲᠡᠯ᠎ᠡ ᠴᠠᠬᠠᠷ ᠴᠢᠭᠤᠯᠭᠠᠨ ᠤ ᠪᠦᠷᠢᠨ ᠪᠠᠭ᠎ᠠ ᠰᠣᠷᠭᠠᠭᠤᠯᠢ ᠶᠢᠨ ᠵᠠᠬᠢᠷᠣᠯ ᠪᠠᠶᠢᠪᠠ᠃      1958 ᠣᠨ ᠤ 7 ᠳ᠋ᠣᠭᠠᠷ ᠰᠠᠷ᠎ᠠ ᠠᠴᠠ 1966 ᠣᠨ ᠬᠦᠷᠲᠡᠯ᠎ᠡ ᠰᠢᠯᠣᠭᠤᠨ ᠬᠥᠬᠡ ᠬᠤᠰᠢᠭᠤᠨ ᠤ ᠮᠣᠩᠭᠤᠯ ᠳᠣᠮᠳᠠᠳᠤ ᠰᠣᠷᠭᠠᠭᠤᠯᠢ ᠶᠢᠨ ᠵᠠᠬᠢᠷᠣᠯ ᠵᠡᠷᠭᠡ ᠪᠠᠷ ᠠᠵᠢᠯᠯᠠᠵᠠᠢ᠃ᠠᠯᠲᠠᠨᠭᠡᠷᠡᠯ ᠪᠠᠭᠰᠢ ︽ᠰᠣᠶᠣᠯ ᠤᠨ ᠶᠡᠭᠡ ᠬᠤᠪᠢᠰᠬᠠᠯ︾ ᠤᠨ ᠳᠣᠮᠳᠠ ᠬᠢᠯᠢᠰ ᠬᠦᠵᠢᠷ ᠬᠡᠷᠡᠭ ᠢᠶᠠᠷ ᠡᠷᠡᠭᠦᠳᠡᠭᠳᠡᠨ ᠲᠠᠮᠣᠯᠠᠭᠳᠠᠵᠤ᠂ ᠪᠡᠶ᠎ᠡ ᠰᠡᠳᠬᠢᠯ ᠤᠨ ᠬᠠᠯᠠ ᠵᠣᠪᠠᠯᠠᠩ ᠢ ᠭᠦᠢᠴᠡᠳ ᠠᠮᠰᠠᠵᠤ᠂ ᠪᠡᠶ᠎ᠡ ᠮᠠᠬᠠᠪᠣᠳ ᠲᠤᠨᠢ ᠬᠦᠨᠳᠦ ᠨᠣᠴᠢᠲᠠᠢ ᠠᠷᠬᠠᠭ ᠭᠡᠮ ᠰᠠᠭᠤᠵᠤ᠂ ᠵᠡᠮᠳᠡᠭ ᠲᠠᠮᠳᠤᠭ ᠪᠣᠯᠣᠭᠰᠠᠨ ᠪᠠᠶᠢᠨ᠎ᠠ᠃ ᠳᠣᠬᠠᠢ ᠶᠢᠨ ᠦᠶ᠎ᠡ ᠳᠤ ᠬᠡᠳᠦᠶᠢᠪᠡᠷ ᠡᠮᠴᠢᠯᠡᠭᠦᠯᠦᠭᠰᠡᠨ ᠪᠣᠯᠪᠠᠴᠤ ᠳᠣᠬᠢᠲᠠᠢ ᠵᠠᠰᠠᠯ ᠠᠪᠴᠤ ᠲᠡᠩᠬᠡᠭᠡᠷᠡᠵᠦ ᠴᠢᠳᠠᠭᠰᠠᠨ ᠦᠭᠡᠢ 1972 ᠣᠨ ᠤ 5 ᠰᠠᠷ᠎ᠠ  ᠶᠢᠨ 18 ᠤ ᠡᠳᠦᠷ 63 ᠨᠠᠰᠣᠨ ᠰᠡᠭᠦᠳᠡᠷ ᠲᠠᠢ ᠳᠣᠮᠳᠠᠬᠤᠲᠠ ᠪᠠᠯᠭᠠᠰᠣᠨ᠎ᠠ ᠨᠠᠰᠤ ᠪᠠᠷᠠᠪᠠ᠃       ᠠᠯᠲᠠᠨᠭᠡᠷᠡᠯ ᠪᠣᠯ ᠮᠣᠩᠭᠤᠯ ᠦᠨᠳᠦᠰᠦᠲᠡᠨ ᠤ ᠰᠣᠷᠭᠠᠨ ᠬᠦᠮᠦᠵᠢᠯ ᠤᠨ ᠦᠢᠯᠡᠰ ᠲᠤ ᠨᠢᠭᠡ ᠨᠠᠰᠤ ᠪᠠᠷ  ᠢᠶᠠᠨ ᠴᠢᠷᠮᠠᠶᠢᠭᠰᠠᠨ ᠭᠠᠪᠢᠶᠠᠲᠤ ᠵᠢᠳᠭᠦᠯᠲᠡᠨ᠂ ᠭᠠᠷᠮᠠᠭᠠᠢ ᠴᠡᠴᠡᠷᠯᠢᠭᠴᠢ ᠪᠣᠯᠬᠤ ᠶᠣᠮ᠃ ᠲᠡᠷᠡ ᠬᠥᠳᠡᠭᠡ ᠨᠣᠲᠤᠭ  ᠤᠨ ᠭᠡᠷ ᠤᠨ ᠪᠠᠭᠰᠢ ᠠᠴᠠ ᠡᠬᠢᠯᠡᠨ ᠴᠠᠬᠠᠷ ᠴᠢᠭᠤᠯᠭᠠᠨ ᠤ ᠵᠠᠩᠪᠸᠢ ᠶᠢᠨ ᠮᠣᠩᠭᠤᠯ ᠵᠠᠯᠠᠭᠤᠰ ᠤᠨ ᠰᠣᠷᠭᠠᠭᠤᠯᠢ᠂ ᠦᠬᠢᠳ ᠤᠨ ᠰᠣᠷᠭᠠᠭᠤᠯᠢ᠂ ᠬᠠᠶᠢᠷᠬᠠᠨ ᠡᠩᠭᠡᠷ ᠤᠨ ᠪᠦᠷᠢᠨ ᠪᠠᠭ᠎ᠠ ᠰᠣᠷᠭᠠᠭᠤᠯᠢ᠂ ᠰᠢᠯᠣᠭᠤᠨ ᠬᠥᠬᠡ ᠬᠤᠰᠢᠭᠤᠨ  ᠤ ᠠᠩᠬᠠᠨ ᠤ ᠳᠣᠮᠳᠠᠳᠤ ᠰᠣᠷᠭᠠᠭᠤᠯᠢ ᠬᠦᠷᠲᠡᠯᠡᠬᠢ ᠳᠥᠴᠢᠨ ᠵᠢᠯ ᠤᠨ ᠬᠤᠭᠤᠷᠣᠨᠳᠤ ᠲᠡᠭᠦᠨ ᠤ ᠬᠦᠮᠦᠵᠢᠭᠦᠯᠦᠭᠰᠡᠨ ᠰᠣᠷᠣᠭᠴᠢ ᠲᠠᠯ᠎ᠠ ᠶᠢᠨ ᠴᠡᠴᠡᠭ ᠰᠢᠭ ᠣᠯᠠᠨ ᠪᠠᠶᠢᠵᠤ᠂ ᠣᠷᠣᠨ᠂ ᠠᠶᠢᠮᠠᠭ ᠤᠨ ᠥᠨᠴᠦᠭ ᠪᠣᠯᠣᠩ ᠬᠦᠷᠲᠡᠯ᠎ᠡ ᠲᠥᠬᠡᠵᠦ ᠳᠡᠭᠡᠳᠦ ᠳᠡᠰ ᠤᠨ ᠣᠳᠣᠷᠢᠳᠬᠤ ᠳᠣᠰᠢᠶᠠᠯᠲᠠᠨ᠂ ᠰᠣᠶᠣᠯ ᠣᠷᠠᠯᠢᠭ ᠤᠨ ᠠᠵᠢᠯᠲᠠᠨ᠂ ᠳᠡᠭᠡᠳᠦ ᠳᠡᠰ ᠤᠨ ᠮᠡᠷᠭᠡᠵᠢᠯᠲᠡᠨ᠂ ᠨᠠᠮ ᠤᠨ ᠰᠢᠯᠢᠳᠡᠭ ᠭᠡᠰᠢᠭᠦᠨ᠂ ᠠᠷᠠᠳ ᠤᠨ ᠰᠠᠶᠢᠨ ᠺᠠᠳ᠋ᠷ᠂ ᠫᠷᠣᠹᠧᠰᠰᠣᠷ᠂ ᠵᠣᠬᠢᠶᠠᠯᠴᠢ᠂ ᠠᠯᠳᠠᠷᠲᠤ ᠡᠮᠴᠢ᠂ ᠰᠢᠯᠢᠳᠡᠭ ᠠᠵᠤ ᠠᠬᠤᠶᠢᠯᠠᠯᠲᠠᠨ ᠪᠣᠯᠣᠨ ᠮᠠᠯᠴᠢᠨ᠂ ᠴᠡᠷᠢᠭ ᠪᠣᠯᠣᠭᠠᠳ ᠣᠯᠠᠨ  ᠠᠴᠠ ᠣᠷᠣᠶᠢᠯᠠᠨ ᠡᠬᠡ ᠣᠯᠣᠰ ᠤᠨ ᠡᠯ᠎ᠡ ᠹᠷᠣᠨᠲ ᠲᠤ ᠭᠠᠪᠰᠢᠭᠠᠶᠢᠯᠠᠨ ᠡᠷᠡᠨ ᠴᠠᠭ ᠲᠠᠭᠠᠨ ᠠᠯᠳᠠᠷ ᠴᠣᠣ ᠲᠠᠢ ᠶᠠᠪᠣᠭᠰᠠᠭᠠᠷ ᠪᠠᠶᠢᠨ᠎ᠠ᠃        ᠠᠯᠲᠠᠨᠭᠡᠷᠡᠯ ᠪᠣᠯ ᠠᠷᠠᠳ ᠲᠥᠮᠡᠨ ᠤ ᠬᠠᠶᠢᠷ᠎ᠠ ᠬᠥᠨᠲᠦᠳᠭᠡᠯ ᠢ ᠣᠯᠣᠭᠰᠠᠨ ᠠᠬᠠᠮᠠᠳ ᠪᠠᠭᠰᠢ ᠮᠥᠨ᠃ ᠲᠡᠷᠡ ᠢᠮᠠᠭᠲᠠ ᠡᠪ ᠬᠠᠮᠲᠤ ᠨᠠᠮ ᠢᠶᠠᠨ ᠬᠦᠷᠢᠶᠡᠯᠡᠨ ᠠᠷᠠᠳ ᠲᠥᠮᠡᠨ ᠢᠶᠠᠨ ᠬᠠᠶᠢᠷᠠᠯᠠᠨ᠂ ᠦᠷ᠎ᠡ ᠬᠡᠦᠬᠡᠳ ᠢ ᠨᠢ ᠬᠠᠯᠠᠮᠵᠢᠯᠠᠨ ᠬᠦᠮᠦᠵᠢᠭᠦᠯᠵᠦ᠂ ᠦᠨᠳᠦᠰᠦᠲᠡᠨ ᠢᠶᠠᠨ ᠮᠠᠨᠳᠣᠭᠤᠯᠬᠤ ᠶᠢᠨ ᠲᠥᠯᠦᠭᠡ ᠴᠢᠷᠮᠠᠶᠢᠨ ᠵᠢᠳᠬᠦᠭᠰᠡᠨ ᠠᠯᠳᠠᠷ ᠭᠠᠪᠢᠶ᠎ᠠ ᠲᠠᠢ ᠪᠠᠭᠰᠢ ᠶᠣᠮ᠃ ᠲᠡᠷᠡ ᠲᠡᠶᠢᠮᠦ ᠥᠨᠳᠦᠷ ᠰᠣᠶᠣᠯ ᠪᠣᠯᠪᠠᠰᠣᠷᠠᠯ ᠲᠠᠢ᠂ ᠲᠡᠶᠢᠮᠦ ᠣᠯᠠᠨ ᠰᠣᠷᠣᠭᠴᠢ  ᠲᠠᠢ ᠪᠠᠶᠢᠲᠠᠯ᠎ᠠ ᠪᠠᠨ ᠬᠡᠵᠢᠶᠡᠳᠡ ᠣᠮᠣᠷᠬᠠᠭᠯᠠᠵᠤ ᠪᠠᠷᠳᠠᠮᠨᠠᠳᠠᠭ ᠦᠭᠡᠢ᠂ ᠶᠠᠩᠪᠠ ᠯᠠᠷᠵᠢᠶ᠎ᠠ ᠳᠠᠲᠠᠳᠠᠭ ᠦᠭᠡᠢ ᠪᠠᠶᠢᠳᠠᠭ ᠲᠤᠨᠢ ᠲᠡᠭᠦᠨ ᠢ ︽ᠦᠬᠡᠷ ᠤᠨ ᠠᠷᠠᠰᠣᠨ ᠳ᠋ᠧᠩᠯᠦ︾ ᠬᠡᠵᠦ ᠭᠤᠴᠣᠯᠠᠵᠤ ᠨᠡᠷᠡᠯᠡᠳᠡᠭ ᠪᠠᠶᠢᠭᠰᠠᠨ ᠪᠥᠭᠡᠳ ᠢᠯᠠᠩᠭᠤᠶ᠎ᠠ ᠡᠷᠬᠡ ᠠᠰᠢᠭ ᠤᠨ ᠬᠤᠶᠢᠨ᠎ᠠ ᠠᠴᠠ ᠬᠥᠭᠡᠭᠡᠴᠡᠯᠳᠦᠳᠡᠭ ᠦᠭᠡᠢ᠂ ᠵᠢᠰᠦᠷ ᠪᠢᠯᠳᠠᠣᠴᠢ ᠵᠠᠩ ᠪᠠᠶᠢᠳᠠᠭ ᠦᠭᠡᠢ᠂ ᠡᠭᠡᠯ ᠪᠣᠷᠣᠭᠵᠢᠭᠤᠨ᠂ ᠨᠣᠮᠣᠬᠠᠨ ᠰᠢᠳᠣᠷᠭᠤ᠂ ᠳᠠᠷᠣᠤ ᠬᠢᠴᠢᠶᠡᠩᠭᠦᠢ᠂ ᠡᠶᠡᠯᠳᠡᠭ ᠳᠣᠲᠣᠨᠤ ᠪᠠᠶᠢᠵᠤ᠂ ᠨᠥᠬᠦᠳ ᠲᠠᠢ ᠪᠠᠨ ᠪᠥᠯᠬᠦᠮᠳᠡᠨ ᠣᠯᠠᠨ ᠲᠥᠮᠡᠨ ᠲᠠᠢ ᠬᠠᠷᠢᠯᠴᠠᠳᠠᠭ᠂ ᠡᠷᠬᠢᠮ ᠨᠠᠨᠳᠢᠨ ᠬᠡᠪ ᠰᠣᠷᠲᠠᠯ ᠲᠠᠢ ᠪᠠᠶᠢᠳᠠᠭ ᠨᠢ ᠠᠷᠠᠳ ᠲᠥᠮᠡᠨ ᠳᠤ ᠬᠦᠷᠢᠶᠡᠯᠡᠭᠳᠡᠵᠦ᠂ ᠣᠯᠠᠮ ᠶᠡᠭᠡ ᠬᠠᠶᠢᠷᠠᠯᠠᠭᠳᠠᠨ ᠬᠥᠨᠳᠦᠳᠬᠡᠭᠳᠡᠳᠡᠭ ᠶᠣᠮ᠃        ᠠᠯᠲᠠᠨᠭᠡᠷᠡᠯ᠂ 1990 ᠣᠨ ᠳᠤ ︽ᠴᠠᠬᠠᠷ ᠮᠣᠩᠭᠤᠯ ︵ᠳᠣᠣᠷᠠᠳᠤ︶︾᠂ ︽ᠰᠢᠯᠢ ᠶᠢᠨ ᠭᠤᠣᠯ ᠤᠨ ᠠᠯᠳᠠᠷᠲᠤ ᠬᠦᠮᠦᠰ︾᠂ 2004 ᠣᠨ ᠳᠤ ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾᠂ ︽ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ ︵ᠳᠣᠣᠷᠠᠳᠤ︶︾᠂ 2006 ᠣᠨ ᠳᠤ ︽ᠴᠠᠬᠠᠷ ᠴᠢᠭᠤᠯᠭᠠᠨ ᠤ ᠡᠷᠳᠡᠮᠰᠣᠶᠣᠯᠲᠤ ᠮᠣᠩᠭᠤᠯ ᠳᠣᠮᠳᠠᠳᠤ ᠰᠣᠷᠭᠠᠭᠤᠯᠢ︾ ᠶᠢᠨ ᠲᠡᠦᠬᠡᠨ ᠮᠠᠲ᠋ᠧᠷᠢᠶᠠᠯ ᠬᠡᠮᠡᠬᠦ ᠨᠣᠮ ᠤᠳ ᠲᠤ ᠲᠡᠮᠳᠡᠭᠯᠡᠭᠳᠡᠵᠡᠢ᠃        
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号