ᠮᠠᠭᠠᠳᠪᠦ᠋ᠷᠢᠨ
ᠨᠡᠶᠢᠲᠡᠯᠡᠭᠰᠡᠨ ᠴᠠᠭ᠄
2020/4/20
        ᠮᠠᠭᠠᠳᠪᠦ᠋ᠷᠢᠨ ︵1917~ 1978.8.4︶᠂ ᠥᠭᠡᠷ᠎ᠡ ᠨᠡᠷ᠎ᠡ ᠨᠢ ᠮᠠᠳᠠᠢ᠂ 1917 ᠣᠨ ︵ᠣᠯᠠᠭᠴᠢᠨ ᠮᠣᠭᠠᠢ ᠵᠢᠯ︶ ᠳᠤ ᠰᠢᠯᠣᠭᠤᠨ ᠬᠥᠬᠡ ᠬᠤᠰᠢᠭᠤᠨ ᠤ ᠴᠠᠬᠠᠷ ᠲᠡᠷᠢᠭᠦᠨ ᠰᠣᠮᠣᠨ ᠤ ᠰᠠᠶᠢᠬᠠᠨ ᠮᠣᠳᠤ ᠭᠡᠰᠡᠨ ᠭᠠᠵᠠᠷ ᠲᠤ ᠬᠥᠪᠡᠭᠡᠲᠦ ᠴᠠᠭᠠᠨ ᠬᠤᠰᠢᠭᠤᠨ ᠳᠤ ᠠᠮᠪᠠᠨ ᠳᠣᠰᠢᠶᠠᠯ ᠲᠠᠢ ᠪᠠᠶᠢᠭᠰᠠᠨ ᠳᠠᠷᠢᠠᠰᠠᠮᠪᠣᠤ ᠪᠣᠯᠣᠨ ᠬᠠᠲᠣᠨ ᠴᠠᠭᠠᠨᠳᠠᠷᠢ ᠶᠢᠨ ᠬᠤᠶᠠᠳᠣᠭᠠᠷ ᠬᠥᠪᠡᠭᠦᠨ ᠪᠣᠯᠣᠨ ᠲᠥᠷᠦᠵᠡᠢ᠃ ᠡᠳᠡᠨᠡᠶᠢᠬᠢᠨ ᠬᠡᠯᠡᠲᠡᠳ ︵ᠪᠠᠷᠠᠭᠤᠨ︶ ᠣᠪᠣᠭ ᠲᠠᠢ ᠠᠵᠢ᠃       ᠲᠡᠷᠡ ᠪᠠᠷ ᠪᠠᠭ᠎ᠠ ᠳᠠᠭᠠᠨ ᠠᠪᠤ ᠪᠣᠯᠣᠨ ᠭᠡᠷ ᠲᠡᠭᠡᠨ ᠵᠠᠯᠠᠭᠰᠠᠨ ᠪᠠᠭᠰᠢ ᠠᠴᠠ ᠮᠣᠩᠭᠤᠯ᠂ ᠮᠠᠨᠵᠤ᠂ ᠬᠢᠲᠠᠳ ᠪᠢᠴᠢᠭ ᠰᠣᠷᠴᠤ ᠬᠤᠵᠢᠮ ᠨᠢ ᠠᠬ᠎ᠠ ᠠᠴᠠ ᠪᠠᠨ ᠲᠥᠪᠡᠳ ᠬᠡᠯᠡ ᠰᠣᠷᠪᠠ᠃ ᠬᠤᠷᠢᠨ ᠨᠠᠰᠤ ᠲᠠᠢ ︵1936 ᠣᠨ ︶ ᠳᠠᠭᠠᠨ ᠵᠠᠩᠪᠸᠢ ᠶᠢᠨ ᠳᠣᠮᠳᠠᠳᠤ ᠰᠣᠷᠭᠠᠭᠤᠯᠢ ᠳᠤ ᠰᠣᠷᠴᠤ᠂ ᠬᠤᠷᠢᠨ ᠨᠢᠭᠡᠨ ᠨᠠᠰᠣᠲᠠᠢ ︵1937 ᠣᠨ︶  ᠳᠠᠭᠠᠨ ᠮᠦᠨ ᠲᠣᠰ ᠬᠤᠰᠢᠭᠤᠨ ᠤ ᠰᠠᠶᠢᠴᠣᠩᠭ᠎ᠠ ︵ᠨᠠ᠊· ᠰᠠᠶᠢᠨᠴᠣᠭᠲᠤ︶ ᠲᠠᠢ ᠬᠠᠮᠲᠤ ᠶᠠᠫᠣᠨ ᠳᠤ ᠣᠴᠢᠵᠤ᠂ 1939 ᠣᠨ ᠬᠦᠷᠲᠡᠯ᠎ᠡ ᠰᠣᠷᠣᠯᠴᠠᠭᠠᠳ ᠪᠣᠴᠠᠨ ᠢᠷᠡᠭᠰᠡᠨ ᠤ ᠳᠠᠷᠠᠭ᠎ᠠ᠂ ᠴᠢᠭᠤᠯᠣᠯᠲᠤ ᠬᠠᠭᠠᠯᠭ᠎ᠠ ᠳᠠᠬᠢ ︽ᠮᠣᠩᠭᠤᠯ ᠥᠪᠡᠷᠲᠡᠭᠡᠨ ᠵᠠᠰᠠᠬᠤ ᠬᠥᠳᠡᠯᠭᠡᠭᠡᠨ ᠤ ᠬᠤᠯᠪᠣᠭᠠᠲᠤ ᠵᠠᠰᠠᠭ ᠤᠨ ᠭᠠᠵᠠᠷ︾ ᠠᠵᠢᠯᠯᠠᠵᠤ᠂ 1945 ᠣᠨ  ᠤ ᠦᠶᠡᠰ ᠢᠶᠠᠷ ᠰᠢᠯᠣᠭᠤᠨ ᠬᠥᠬᠡ ᠬᠤᠰᠢᠭᠤᠨ ᠤ ᠬᠤᠷᠰᠢᠶᠠᠨ ᠤ ᠳᠡᠳ᠋ ᠡᠷᠬᠢᠯᠡᠭᠴᠢ ᠪᠠᠶᠢᠵᠠᠢ᠃ ᠴᠢᠭᠤᠯᠣᠯᠲᠤ ᠬᠠᠭᠠᠯᠭ᠎ᠠ ᠳᠤ ᠠᠵᠢᠯᠯᠠᠵᠤ ᠪᠠᠶᠢᠭᠰᠠᠨ ᠡᠨᠡ ᠬᠤᠭᠤᠴᠠᠭᠠᠨ ᠳᠠᠭᠠᠨ ᠲᠡᠷᠡ ᠡᠾᠷᠢᠰᠲ᠋ᠣᠰ ᠤᠨ ᠰᠣᠷᠲᠠᠬᠤᠨ ᠳᠤ ᠣᠷᠣᠵᠤ᠂ ᠡᠾᠷᠢᠰᠲ᠋ᠣᠰ ᠤᠨ ᠰᠣᠷᠲᠠᠬᠤᠨ ᠤ ᠱᠠᠪᠢ ᠪᠠᠶᠢᠭᠰᠠᠨ ᠱᠠᠩᠳᠤ ᠠᠳᠣᠭᠤᠴᠢᠨ ᠨᠣᠲᠤᠭ ᠲᠠᠢ ᠫᠷᠠᠰᠯᠢ ᠲᠠᠢ ᠣᠷᠤᠭ ᠪᠠᠷᠢᠯᠳᠣᠭᠰᠠᠨ ᠪᠠᠶᠢᠨ᠎ᠠ᠃ ᠬᠠᠳᠠᠮ ᠡᠬᠡ ᠴᠠᠭᠠᠨᠳᠠᠷᠢ ᠨᠢ ᠪᠡᠷᠢ ᠳᠡᠭᠡᠨ ᠮᠠᠰᠢᠭᠤᠸ᠎ᠠ ᠭᠡᠰᠡᠨ ᠮᠣᠩᠭᠤᠯ ᠨᠡᠷ᠎ᠡ ᠬᠠᠶᠢᠷᠠᠯᠠᠵᠠᠢ᠃       1945 ᠣᠨ ᠤ 8 ᠰᠠᠷ᠎ᠠ ᠶᠢᠨ ᠦᠶᠡᠰ ᠢᠶᠠᠷ ᠮᠠᠭᠠᠳᠪᠦ᠋ᠷᠢᠨ ᠰᠢᠯᠣᠭᠤᠨ ᠬᠥᠬᠡ ᠬᠤᠰᠢᠭᠤᠨ ᠳᠠᠭᠠᠨ ᠪᠠᠶᠢᠭᠰᠠᠨ ᠪᠣᠯᠬᠤᠷ ᠵᠥᠪᠯᠡᠯᠲᠦ ᠮᠣᠩᠭᠤᠯ ᠤᠨ ᠴᠡᠷᠢᠭ ᠣᠷᠣᠵᠤ ᠢᠷᠡᠬᠦ ᠦᠶ᠎ᠡ ᠳᠤ ᠲᠣᠰ ᠬᠤᠰᠢᠭᠤᠨ ᠤ ᠸᠴᠢᠷ ᠠᠮᠪᠠᠨ ᠠᠴᠠ ᠮᠠᠭᠠᠳᠪᠦ᠋ᠷᠢᠨ᠂ ᠪᠠᠲᠣᠪᠠᠶᠠᠨ᠂ ᠰᠠᠶᠢᠨᠵᠠᠶᠠᠭ᠎ᠠ ᠵᠡᠷᠭᠡ ᠬᠦᠮᠦᠨ ᠢ ᠲᠣᠮᠢᠯᠠᠨ ᠠᠪᠠᠭ᠎ᠠ ᠰᠦᠨᠢᠳ ᠤᠨ ᠵᠠᠬ᠎ᠠ ᠳᠡᠭᠡᠷ᠎ᠡ ᠬᠦᠷᠴᠦ ᠵᠥᠪᠯᠡᠯᠲᠦ ᠮᠣᠩᠭᠤᠯ ᠤᠨ ᠴᠡᠷᠢᠭ ᠢ ᠣᠭᠲᠣᠭᠤᠯᠣᠭᠰᠠᠨ ᠪᠠᠶᠢᠨ᠎ᠠ᠃ 1946 ᠣᠨ ᠤ ᠬᠠᠪᠣᠷ᠂ ᠴᠠᠬᠠᠷ ᠠᠶᠢᠮᠠᠭ ᠤᠨ ᠰᠢᠨ᠎ᠡ ᠵᠠᠰᠠᠭ ᠤᠨ ᠣᠷᠳᠣᠨ ᠠᠴᠠ ᠮᠠᠭᠠᠳᠪᠦ᠋ᠷᠢᠨ᠂ ᠮᠠᠰᠢᠭᠤᠸ᠎ᠠ ᠬᠤᠶᠠᠷ ᠢᠶᠠᠷ ᠶᠡᠭᠡ ᠳᠣᠶ᠋ᠢᠩ ᠤᠨ ᠡᠩᠭᠡᠷ ᠲᠠᠬᠢ ᠴᠠᠬᠠᠷ ᠳᠣᠮᠳᠠᠳᠤ ᠰᠣᠷᠭᠠᠭᠤᠯᠢ ᠶᠢᠨ ᠡᠳ᠋ ᠬᠥᠷᠦᠩᠭᠡ᠂ ᠭᠡᠷ ᠪᠠᠶᠢᠰᠢᠩ ᠢ ᠬᠠᠮᠢᠶᠠᠷᠬᠤ ᠡᠭᠦᠷᠭᠡ ᠶᠢ ᠳᠠᠭᠠᠭᠠᠯᠭᠠᠭᠰᠠᠨ ᠪᠥᠭᠡᠳ ᠮᠠᠰᠢᠭᠤᠸ᠎ᠠ ᠨᠢ ᠪᠠᠰᠠ ᠬᠤᠰᠢᠭᠤᠨ ᠤ ᠬᠤᠪᠢᠶᠠᠷᠢ ᠬᠤᠷᠠᠯ ᠤᠨ ᠡᠮᠡᠭᠲᠡᠶᠢᠴᠣᠳ ᠤᠨ ᠭᠡᠰᠢᠭᠦᠨ ᠢᠶᠠᠷ ᠰᠣᠩᠭᠤᠭᠳᠠᠭᠰᠠᠨ ᠪᠠᠶᠢᠨ᠎ᠠ᠃ 1946 ᠣᠨ ᠤ ᠡᠪᠦᠯ ᠤᠨ ᠡᠬᠢ ᠪᠠᠷ ᠮᠠᠰᠢᠭᠤᠸ᠎ᠠ ᠱᠠᠩᠳᠤ ᠠᠳᠣᠭᠤᠴᠢᠨ ᠬᠤᠰᠢᠭᠤᠨ ᠳᠠᠬᠢ ᠳᠥᠷᠬᠦᠮ ᠳᠡᠭᠡᠨ ᠶᠠᠪᠣᠭᠰᠠᠨ ᠪᠥᠭᠡᠳ 1947 ᠣᠨ ᠤ ᠵᠣᠨ  ᠤ ᠰᠡᠭᠦᠯᠴᠢ ᠪᠠᠷ ᠮᠠᠳᠠᠢ ᠪᠠᠰᠠ ᠡᠮᠦᠨᠡᠰᠢ ᠪᠠᠨ ᠶᠠᠪᠣᠪᠠ᠃ ᠳᠣᠬᠠᠢ ᠶᠢᠨ ᠦᠶ᠎ᠡ ᠳᠤ ᠰᠢᠯᠢ ᠶᠢᠨ ᠭᠤᠣᠯ ᠴᠠᠬᠠᠷ ᠤᠨ ᠵᠠᠰᠠᠭ ᠵᠠᠬᠢᠷᠭᠠᠨ ᠤ ᠺᠣᠮᠢᠰ ᠲᠤ ᠳᠣᠲᠣᠭᠠᠳᠤ ᠶᠢ ᠬᠠᠮᠠᠭᠠᠯᠠᠬᠤ ᠠᠵᠢᠯ ᠬᠢᠵᠦ ᠪᠠᠶᠢᠭᠰᠠᠨ ᠭᠤᠰᠢᠨᠰᠢ ︵ᠴᠠᠬᠠᠷ ᠬᠥᠪᠡᠭᠡᠲᠦ ᠬᠥᠬᠡ ᠬᠤᠰᠢᠭᠤᠨ ᠤ ᠬᠦᠮᠦᠨ︶ ᠪᠣᠯᠣᠨ ᠴᠠᠬᠠᠷ ᠠᠶᠢᠮᠠᠭ ᠤᠨ ᠳᠡᠳ᠋ ᠳᠠᠷᠤᠭ᠎ᠠ᠂ 16 ᠳ᠋ᠣᠭᠠᠷ ᠳ᠋ᠢᠸᠢᠽᠢ  ᠶᠢᠨ ᠱᠠᠲ᠋ᠠᠪ ᠤᠨ ᠳᠠᠷᠤᠭ᠎ᠠ ᠪᠠᠶᠢᠭᠰᠠᠨ ᠭᠡᠸᠡᠫᠢᠯ ᠨᠠᠷ ᠤᠨ ᠰᠡᠭᠦᠯ ᠤᠨ ᠵᠢᠯ ᠤᠳ ᠲᠤ ᠶᠠᠷᠢᠵᠤ ᠪᠠᠶᠢᠭᠰᠠᠨ ᠨᠢ᠄ ᠮᠠᠭᠠᠳᠪᠦ᠋ᠷᠢᠨ ᠢ ᠳ᠋ᠧ ᠸᠠᠩ ᠵᠡᠷᠭᠡ ᠬᠦᠮᠦᠰ ᠢ ᠳᠠᠲᠠᠵᠤ ᠠᠪᠴᠢᠷᠠᠬᠤ ᠠᠵᠢᠯ ᠬᠢᠯᠭᠡᠬᠦ ᠪᠠᠷ ᠮᠡᠨ ᠤ ᠲᠠᠯ᠎ᠠ ᠠᠴᠠ ᠶᠠᠪᠣᠭᠤᠯᠣᠭᠰᠠᠨ ᠶᠣᠮ᠃ ᠭᠡᠪᠡᠴᠦ ᠲᠡᠷᠡ ᠳᠠᠬᠢᠨ ᠪᠣᠴᠠᠵᠤ ᠢᠷᠡᠭᠰᠡᠨ ᠦᠭᠡᠢ ᠭᠡᠵᠦ ᠪᠠᠶᠢᠪᠠ᠃      ᠣᠶᠢᠯᠭᠠᠭᠰᠠᠨ ᠢᠶᠠᠷ ᠮᠠᠭᠠᠳᠪᠦ᠋ᠷᠢᠨ 1948 ᠣᠨ ᠳᠤ ᠪᠡᠭᠡᠵᠢᠩ᠂ ᠴᠢᠭᠤᠯᠣᠯᠲᠤ ᠬᠠᠭᠠᠯᠭ᠎ᠠ ᠵᠡᠷᠭᠡ ᠭᠠᠵᠠᠷ  ᠤᠳ ᠲᠤ ᠪᠠᠶᠢᠵᠤ᠂ 1949 ᠣᠨ ᠤ ᠡᠬᠢ ᠪᠠᠷ ᠨᠢᠩᠰᠢᠶᠠ ᠶᠢᠨ ᠳ᠋ᠢᠩ ᠶᠣᠸᠠᠨ ᠶᠢᠩ ︵ᠣᠳᠣᠬᠢ ᠪᠠᠶᠠᠨᠬᠤᠲᠠ︶  ᠳᠤ ᠬᠦᠷᠴᠦ᠂ ᠳ᠋ᠧ ᠸᠠᠩ ᠤᠨ ᠡᠪᠯᠡᠭᠦᠯᠦᠭᠰᠡᠨ ︽ᠪᠠᠷᠠᠭᠤᠨ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ︾ ᠬᠠᠭᠠᠴᠠᠨ ᠪᠣᠲᠠᠷᠠᠬᠤ ᠦᠶ᠎ᠡ ᠳᠤ ᠮᠥᠨ ᠵᠢᠯ ᠤᠨ ᠨᠠᠮᠣᠷ ᠤᠨ ᠡᠬᠢ ᠪᠠᠷ ᠰᠢᠶᠠᠩᠭᠠᠩ ᠳᠤ ᠬᠦᠷᠴᠦ᠂ 1952 ᠣᠨ  ᠤ ᠰᠡᠭᠦᠯᠴᠢ ᠪᠠᠷ ᠲᠠᠶᠢᠸᠠᠨ ᠢ ᠳᠡᠮᠵᠢᠨ ᠠᠮᠧᠷᠢᠺᠠ ᠳᠤ ᠬᠦᠷᠴᠦ᠂ ᠺᠠᠯᠢᠹᠣᠷᠨᠢᠶ᠎ᠠ ᠵᠸᠤ ᠶᠢᠨ ᠪᠧᠺᠺᠧᠯᠢ ᠶᠡᠭᠡ ᠰᠣᠷᠭᠠᠭᠤᠯᠢ ᠳᠤ ᠠᠵᠢᠯᠯᠠᠵᠤ ᠪᠠᠶᠢᠭᠰᠠᠨ ᠬᠠᠩᠬᠢᠨ ᠭᠤᠮᠪᠣᠵᠠᠪ ᠢ ᠡᠷᠢᠵᠦ ᠣᠴᠢᠨ ᠬᠠᠮᠲᠤ ᠠᠵᠢᠯᠯᠠᠵᠤ᠂ ᠳᠠᠷᠠᠭ᠎ᠠ  ᠨᠢ ᠶᠠᠫᠣᠨ ᠳᠤ ᠬᠦᠷᠴᠦ ᠬᠡᠳᠦᠨ ᠵᠢᠯ ᠰᠠᠭᠤᠭᠠᠳ 1959 ᠣᠨ ᠳᠤ ᠭᠧᠷᠮᠠᠨ ᠤ ᠠᠯᠳᠠᠷᠲᠤ ᠮᠣᠩᠭᠤᠯᠴᠢ ᠡᠷᠳᠡᠮᠲᠡᠨ ᠡᠾᠢᠢᠰᠰᠢᠭ ᠸ᠊  ︵Heissisw︶ ᠶᠢᠨ ᠣᠷᠢᠯᠭ᠎ᠠ ᠪᠠᠷ ᠭᠧᠷᠮᠡᠨ ᠳᠤ ᠬᠦᠷᠴᠦ ᠪᠣᠨ ︵Bonn︶ ᠶᠡᠭᠡ ᠰᠣᠷᠭᠠᠭᠤᠯᠢ ᠶᠢᠨ ᠲᠥᠪ ᠠᠽᠢᠶ᠎ᠠ ᠶᠢᠨ ᠬᠡᠯᠡ ᠰᠣᠶᠣᠯ ᠤᠨ ᠰᠣᠳᠣᠯᠣᠯ ᠤᠨ ᠭᠠᠵᠠᠷ ᠠᠵᠢᠯᠯᠠᠪᠠ᠃ ᠠᠳᠡ ᠪᠠᠶᠢᠬᠤ  ᠳᠠᠭᠠᠨ 1963 ᠣᠨ ᠳᠤ ᠣᠷᠢᠯᠭ᠎ᠠ ᠪᠠᠷ ᠯᠣᠨᠳᠣᠨ ᠶᠡᠭᠡ ᠰᠣᠷᠭᠠᠭᠤᠯᠢ ᠳᠤ ᠣᠴᠢᠵᠤ᠂ ᠬᠡᠳᠦᠨ ᠰᠠᠷ᠎ᠠ ᠮᠣᠩᠭᠤᠯ ᠰᠣᠳᠣᠯᠣᠯ ᠤᠨ ᠰᠣᠩᠭᠤᠳᠠᠭ ᠬᠢᠴᠢᠶᠡᠯ ᠵᠢᠭᠠᠵᠤ ᠥᠩᠭᠡᠷᠡᠵᠡᠢ᠃       1978 ᠣᠨ ᠤ 8 ᠰᠠᠷ᠎ᠠ ᠶᠢᠨ 4 ᠤ ᠡᠳᠦᠷ᠂ ᠪᠣᠨ ᠶᠡᠭᠡ ᠰᠣᠷᠭᠠᠭᠤᠯᠢ ᠶᠢᠨ ᠣᠶᠣᠲᠠᠳ ᠲᠤ ᠬᠢᠴᠢᠶᠡᠯ ᠵᠢᠭᠠᠵᠤ ᠪᠠᠶᠢᠬᠤ ᠳᠣᠮᠳᠠ ᠭᠡᠨᠡᠳᠲᠡ ᠲᠠᠷᠢᠬᠢᠨ ᠰᠣᠲᠠᠯ ᠤᠨ ᠴᠢᠰᠤ ᠬᠠᠷᠪᠣᠬᠤ ᠡᠪᠡᠳᠴᠢᠨ ᠳᠤ ᠨᠡᠷᠪᠡᠭᠳᠡᠵᠦ ᠨᠠᠰᠤ ᠪᠠᠷᠠᠪᠠ᠂ 62 ᠨᠠᠰᠣᠲᠠᠢ᠃ ᠥᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠣᠬᠠᠭᠠᠨ ᠤ ᠠᠺᠠᠳᠧᠮᠢ ᠶᠢᠨ ᠦᠨᠡᠨᠴᠢ  ᠶᠢᠨ ᠲᠣᠶᠠᠭ᠎ᠠ ᠶᠢᠨ 1998 ᠣᠨ ᠨᠠᠶᠢᠷᠠᠭᠤᠯᠣᠭᠰᠠᠨ ︽ᠣᠯᠠᠨ ᠣᠯᠣᠰ ᠤᠨ ᠮᠣᠩᠭᠤᠯ ᠤᠨ ᠰᠣᠳᠣᠯᠣᠯ ᠤᠨ ᠲᠣᠶᠢᠮᠤ︾ ᠶᠢᠨ 118 ᠳ᠋ᠣᠭᠠᠷ ᠨᠢᠭᠤᠷ ᠲᠤ᠄ ︽ᠪᠣᠨ ᠶᠡᠭᠡ ᠰᠣᠷᠭᠠᠭᠤᠯᠢ ᠲᠥᠪ ᠠᠽᠢᠶ᠎ᠠ ᠶᠢᠨ ᠬᠡᠯᠡ ᠰᠣᠶᠣᠯ ᠰᠣᠳᠣᠯᠣᠯ ᠤᠨ ᠭᠠᠵᠠᠷ ᠲᠤ ᠣᠳᠠᠭᠠᠨ ᠵᠢᠯ ᠤᠨ ᠳᠣᠷᠰᠢ ᠮᠣᠩᠭᠤᠯ ᠤᠨ ᠰᠣᠳᠣᠯᠣᠯ ᠢᠶᠠᠷ ᠠᠵᠢᠯᠯᠠᠵᠤ ᠪᠠᠶᠢᠭᠰᠠᠨ ᠬᠤᠶᠠᠷ ᠮᠣᠩᠭᠤᠯ ᠬᠦᠮᠦᠨ— ᠮᠠᠭᠠᠳᠪᠦ᠋ᠷᠢᠨ ᠬᠠᠯᠲ᠋ᠣᠳ᠋ ᠪᠣᠯᠣᠨ ᠴᠠᠬᠠᠷ ᠤᠨ ᠷᠠᠰᠢᠳᠣᠩᠳᠤᠭ ᠢ ᠠᠩᠬᠠᠷᠣᠭᠤᠰᠢᠲᠠᠢ ᠶᠣᠮ᠃ ᠮᠠᠭᠠᠳᠪᠦ᠋ᠷᠢᠨ ᠬᠠᠯᠲ᠋ᠣᠳ᠋ ᠬᠡᠳᠦᠶᠢᠪᠡᠷ ᠠᠷᠪᠠᠨ ᠬᠡᠳᠦᠨ ᠵᠢᠯ ᠤᠨ ᠡᠮᠦᠨ᠎ᠡ ᠨᠢᠭᠡᠨᠲᠡ ᠨᠠᠰᠤ ᠪᠠᠷᠠᠭᠰᠠᠨ ᠪᠣᠯᠪᠠᠴᠤ ᠲᠡᠭᠦᠨ ᠤ ᠠᠮᠢᠳᠤ ᠪᠠᠶᠢᠬᠤ ᠳᠠᠭᠠᠨ ᠭᠦᠢᠴᠡᠳᠭᠡᠭᠰᠡᠨ ᠠᠵᠢᠯᠯᠠᠭ᠎ᠠ ᠲᠣᠰ ᠰᠣᠳᠣᠯᠬᠤ ᠭᠠᠵᠠᠷ ᠤᠨ ᠬᠦᠮᠦᠰ  ᠢ ᠭᠦᠨ᠎ᠡ ᠨᠥᠯᠦᠭᠡᠯᠡᠭᠰᠡᠭᠡᠷ ᠪᠠᠶᠢᠨ᠎ᠠ ᠁︾ ᠭᠡᠵᠡᠢ᠃      ᠮᠠᠭᠠᠳᠪᠦ᠋ᠷᠢᠨ ᠤ ᠵᠣᠬᠢᠶᠠᠨ ᠨᠠᠶᠢᠷᠠᠭᠤᠯᠣᠭᠰᠠᠨ ᠪᠠ ᠣᠷᠴᠢᠭᠤᠯᠣᠭᠰᠠᠨ ᠭᠤᠣᠯ ᠪᠥᠲᠦᠭᠡᠯ ᠭᠡᠪᠡᠯ᠄      ⒈1952 ᠣᠨ ᠳᠤ ᠢᠰᠦ᠋ᠰ ᠤᠨ ᠨᠠᠮᠲᠠᠷ ᠢ ᠮᠣᠩᠭᠤᠯᠴᠢᠯᠠᠵᠤ᠂ ᠰᠢᠶᠠᠩᠭᠠᠩ ᠳᠤ ᠬᠡᠪᠯᠡᠭᠦᠯᠦᠭᠰᠡᠨ ᠪᠥᠭᠡᠳ ᠳᠡᠭᠡᠷ᠎ᠡ ᠵᠠᠭᠤᠨ ᠤ ᠨᠠᠶᠠᠭᠠᠳ ᠣᠨ ᠳᠤ ᠲᠡᠭᠦᠨ ᠤ ᠠᠪᠠᠯᠢ ᠭᠡᠷᠭᠡᠢ ᠫᠷᠠᠰᠯᠠᠢ ᠪᠣᠯᠣᠨ ᠶᠡᠭᠡ ᠬᠥᠪᠡᠭᠡᠨ ᠪᠥᠷᠢᠨᠪᠠᠶᠠᠷ ᠨᠢ ᠲᠣᠰ ᠪᠢᠴᠢᠭ ᠢ ᠳᠠᠬᠢᠨ ᠬᠡᠪᠯᠡᠭᠦᠯᠦᠭᠰᠡᠨ ᠪᠠᠶᠢᠨ᠎ᠠ᠃ ᠡᠨᠡ ᠭᠦ ᠪᠢᠴᠢᠭ ᠣᠳᠤ ᠬᠥᠬᠡᠬᠤᠲᠠ ᠶᠢᠨ ᠰᠣᠶᠣᠯ ᠤᠨ ᠵᠠᠬ᠎ᠠ ᠳᠡᠯᠭᠡᠭᠦᠷ ᠤᠨ ︽ᠲᠠᠯ᠎ᠠ ᠨᠣᠲᠤᠭ ᠨᠣᠮ ᠤᠨ ᠭᠡᠷ︾ ᠲᠤ ᠬᠤᠳᠠᠯᠳᠣᠵᠤ ᠪᠠᠶᠢᠨ᠎ᠠ᠃      ⒉ ᠳᠡᠭᠡᠷ᠎ᠡ ᠵᠠᠭᠤᠨ ᠤ ᠲᠠᠪᠢᠭᠠᠳ ᠣᠨ ᠳᠤ ᠬᠠᠩᠭᠢᠨ ᠭᠤᠮᠪᠣᠵᠠᠪ᠂ ᠭᠧᠷᠮᠡᠨ ᠤ ᠨᠡᠷᠡᠲᠦ ᠡᠷᠳᠡᠮᠲᠡᠨ ᠯᠧᠰᠰᠢᠩ ᠹ᠊· ᠳ᠋᠊· ︵Lessing F.D︶ ᠲᠠᠢ ᠬᠠᠮᠲᠣᠷᠠᠨ 1217 ᠨᠢᠭᠤᠷ ᠲᠠᠢ ︽ᠮᠣᠩᠭᠤᠯ ᠠᠩᠭ᠍ᠯᠢ ᠲᠣᠮᠤ ᠲᠣᠯᠢ︾ ᠨᠠᠶᠢᠷᠠᠭᠤᠯᠵᠤ᠂ ᠲᠡᠭᠦᠨ ᠢ ᠨᠢ 1960 ᠣᠨ ᠳᠤ ᠠᠮᠧᠷᠢᠺᠠ ᠶᠢᠨ ᠺᠠᠯᠢᠹᠣᠷᠨᠢᠶ᠎ᠠ ᠵᠸᠣ ᠶᠢᠨ ᠪᠧᠺᠺᠧᠯᠢ ᠶᠡᠭᠡ ᠰᠣᠷᠭᠠᠭᠤᠯᠢ ᠳᠤ ᠬᠡᠪᠯᠡᠭᠦᠯᠵᠡᠢ᠃ ᠡᠨᠡ ᠬᠦ ᠲᠣᠯᠢ ᠶᠢ ᠣᠳᠤ ᠥᠪᠦᠷ ᠮᠣᠩᠭᠤᠯ ᠤᠨ ᠲᠠᠶᠢᠹᠣᠰᠧ ᠬᠤᠰᠢᠭᠤᠨ ᠤ ᠭᠦᠨᠪᠣᠯᠠᠭ ᠰᠣᠮᠣᠨ ᠳᠠᠬᠢ ︽ᠬᠠᠩᠭᠢᠨ ᠭᠤᠮᠪᠣᠵᠠᠪ ᠤᠨ ᠳᠣᠷᠠᠰᠬᠠᠯ ᠤᠨ ᠣᠷᠳᠣᠨ︾ ᠳᠤ ᠳᠡᠯᠭᠡᠨ ᠲᠠᠯᠪᠢᠵᠤ ᠬᠦᠮᠦᠰ ᠲᠤ ᠰᠣᠨᠢᠷᠬᠠᠭᠤᠯᠵᠤ ᠪᠠᠶᠢᠨ᠎ᠠ᠃      ⒊1966 ᠣᠨ ᠳᠤ ︽ᠮᠣᠩᠭᠤᠯ ᠭᠠᠵᠠᠷ ᠣᠰᠣᠨ ᠤ ᠨᠡᠷ᠎ᠡ ᠶᠢᠨ ᠬᠡᠯᠬᠢᠶᠡᠰᠦ︾ ᠭᠡᠰᠡᠨ ᠨᠣᠮ ᠢ ᠨᠠᠶᠢᠷᠠᠭᠤᠯᠣᠨ ᠬᠡᠪᠯᠡᠭᠦᠯᠦᠭᠰᠡᠨ ᠪᠠᠶᠢᠨ᠎ᠠ᠃ ᠲᠣᠰ ᠨᠣᠮ ᠳᠠᠭᠠᠨ ᠴᠢᠩ ᠣᠯᠣᠰ ᠤᠨ ᠦᠶ᠎ᠡ ᠶᠢᠨ ᠮᠣᠩᠭᠤᠯ ᠬᠤᠰᠢᠭᠤ ᠨᠣᠲᠤᠭ ᠤᠨ ᠭᠠᠵᠠᠷ ᠤᠨ ᠵᠢᠷᠤᠭ 180 ᠬᠤᠪᠢ ᠵᠢᠷᠣᠵᠤ ᠭᠠᠷᠭᠠᠭᠠᠳ᠂ ᠵᠢᠷᠤᠭ ᠤᠨ ᠢᠶᠠᠨ ᠣᠭ ᠡᠬᠡ ᠶᠢ ᠹᠣᠲ᠋ᠣ᠋ ᠬᠡᠪ ᠢᠶᠠᠷ ᠬᠡᠪᠯᠡᠨ ᠨᠡᠶᠢᠲᠡᠯᠡᠵᠦ᠂ ᠪᠠᠰᠠ ᠵᠢᠷᠤᠭ ᠲᠤ ᠢᠯᠡᠳᠭᠡᠭᠳᠡᠭᠰᠡᠨ 1300 ᠭᠠᠷᠣᠢ ᠭᠠᠵᠠᠷ ᠤᠨ ᠨᠡᠷ᠎ᠡ ᠳᠤ ᠬᠡᠯᠬᠢᠶᠡᠰᠦ ᠵᠣᠬᠢᠶᠠᠨ ᠥᠭᠴᠦ ᠬᠠᠲᠠᠵᠠᠢ᠃ ︽ᠲᠡᠭᠦᠨ ᠤ ᠡᠨᠡ ᠬᠦ ᠠᠵᠢᠯᠯᠠᠭ᠎ᠠ ᠨᠢ ᠮᠣᠩᠭᠤᠯ ᠤᠨ ᠰᠣᠳᠣᠯᠣᠯ ᠤᠨ ᠦᠢᠯᠡᠰ ᠲᠤ ᠬᠡᠮᠵᠢᠶᠡᠯᠡᠵᠦ ᠪᠣᠯᠣᠰᠢ ᠦᠭᠡᠢ ᠦᠨ᠎ᠡ ᠥᠷᠲᠡᠭ ᠢ ᠪᠥᠲᠦᠭᠡᠭᠰᠡᠨ ᠶᠣᠮ᠃ ᠰᠣᠳᠣᠯᠣᠭᠴᠢᠳ ᠬᠡᠷᠪᠡ ᠶᠠᠮᠠᠷ ᠨᠢᠭᠡᠨ ᠭᠠᠵᠠᠷ ᠣᠰᠣᠨ ᠤ ᠲᠠᠯ᠎ᠠ ᠪᠠᠷ ᠬᠠᠶᠢᠬᠤ ᠴᠢᠬᠤᠯᠠ ᠲᠠᠢ ᠦᠶ᠎ᠡ ᠳᠤ ᠡᠨᠡ ᠬᠦ ᠬᠡᠯᠬᠢᠶᠡᠰᠦ ᠮᠠᠰᠢ ᠳᠥᠭᠦᠮ ᠦᠵᠡᠭᠦᠯᠳᠡᠭ︾ ᠭᠡᠵᠦ ︽ᠣᠯᠠᠨ ᠣᠯᠣᠰ ᠤᠨ ᠮᠣᠩᠭᠤᠯ ᠰᠣᠳᠣᠯᠣᠯ ᠤᠨ ᠲᠣᠶᠢᠮᠤ︾ ᠳᠤ ᠪᠢᠴᠢᠭᠰᠡᠨ ᠪᠠᠶᠢᠪᠠ᠃      ⒋ ᠳ᠋᠊ · ᠭ᠊ · ᠰᠲ᠋ᠦ᠋ᠶᠠᠲ᠋ᠧ ︵ᠠᠮᠧᠷᠢᠺᠡ︶ ᠲᠠᠢ ᠬᠠᠮᠲᠣᠷᠠᠨ ︽ᠣᠳᠤ ᠦᠶ᠎ᠡ ᠶᠢᠨ ᠮᠣᠩᠭᠤᠯ ᠪᠠᠷᠢᠮᠵᠢᠶ᠎ᠠ ᠦᠭᠡᠰ ᠤᠨ ᠠᠪᠢᠶᠠᠨ ᠤ ᠳᠣᠬᠠᠢ︾ ᠭᠡᠰᠡᠨ ᠳᠣᠷᠪᠢᠲᠠᠢ ᠦᠭᠦᠯᠡᠯ ᠨᠡᠶᠢᠲᠡᠯᠡᠵᠡᠢ᠃ ᠦᠭᠦᠯᠡᠯ ᠳᠤ ᠰᠣᠷᠪᠣᠯᠵᠢ ᠪᠢᠴᠢᠭ᠂ ᠦᠭᠡᠰ ᠤᠨ ᠭᠡᠮ᠂ ᠠᠪᠢᠶᠠᠯᠠᠪᠣᠷᠢ᠂ ᠣᠷᠳᠤ ᠪᠣᠭᠤᠨᠢ ᠡᠬᠡᠰᠢᠭ ᠠᠪᠢᠶ᠎ᠠ ᠵᠡᠷᠭᠡ ᠶᠢ ᠪᠠᠭᠲᠠᠭᠠᠭᠰᠠᠨ ᠪᠦᠷᠢᠨ ᠵᠦᠢᠯ ᠪᠠᠶᠢᠬᠤ ᠪᠥᠭᠡᠳ ᠨᠡᠯᠢᠶᠡᠳ ᠰᠢᠨ᠎ᠡ ᠦᠵᠡᠯᠲᠡ ᠶᠢ ᠳᠣᠷᠠᠳᠴᠠᠢ᠃ ᠲᠣᠰ ᠦᠭᠦᠯᠡᠯ ᠢ ᠵᠦᠩ ᠰᠤ᠋ ᠴᠦᠨ ᠬᠢᠲᠠᠳᠴᠢᠯᠠᠵᠤ᠂ ᠴᠢᠯᠠᠭᠤᠨᠪᠠᠭᠠᠨ᠎ᠠ ᠮᠣᠩᠭᠤᠯᠴᠢᠯᠠᠵᠤ᠂ ᠥᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠣᠬᠠᠭᠠᠨ ᠤ ᠠᠺᠠᠳᠧᠮᠢ ᠶᠢᠨ ︽ᠮᠣᠩᠭᠤᠯ ᠬᠡᠯᠡ ᠣᠳᠬ᠎ᠠ ᠵᠣᠬᠢᠶᠠᠯ︾ ᠰᠡᠳᠬᠦᠯ ᠤᠨ 1983 ᠣᠨ ᠤ 4 ᠳ᠋ᠤᠭᠡᠷ ᠬᠤᠭᠤᠴᠠᠭ᠎ᠠ ᠪᠠ 1984 ᠣᠨ ᠤ 1 ᠳ᠋ᠣᠭᠡᠷ ᠬᠤᠭᠤᠴᠠᠭᠠᠨ ᠳᠤ ᠬᠤᠶᠠᠷ ᠬᠤᠪᠢᠶᠠᠵᠤ ᠨᠡᠶᠢᠲᠡᠯᠡᠵᠡᠢ᠃       ᠮᠠᠭᠠᠳᠪᠦ᠋ᠷᠢᠨ᠂ 2006 ᠣᠨ ᠳᠤ ︽ᠴᠠᠬᠠᠷ ᠰᠢᠯᠣᠭᠤᠨ ᠬᠥᠬᠡ ᠬᠤᠰᠢᠭᠤ︾ ᠭᠡᠬᠦ ᠨᠣᠮ ᠳᠤ ᠲᠡᠮᠳᠡᠭᠯᠡᠭᠳᠡᠵᠡᠢ᠃   ︽ᠰᠢᠯᠣᠭᠤᠨ ᠬᠥᠬᠡ ᠬᠤᠰᠢᠭᠤᠨ ᠤ ᠴᠤᠤᠳᠤ ᠬᠦᠮᠦᠰ︾ ᠨᠣᠮ ᠠᠴᠠ ᠮᠠᠶᠢᠯᠠᠰᠤ ᠪᠠᠭᠤᠯᠭᠠᠪᠠ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号