| | ᠪᠠᠪᠣᠳᠣᠷᠵᠢ ︵1917~ 1984 ᠣᠨ︶᠂ ᠶᠠᠭᠦᠳ ᠣᠪᠣᠭ ᠲᠠᠢ ᠪᠠᠪᠣᠳᠣᠷᠵᠢ 1917 ᠣᠨ ᠳᠤ ᠴᠠᠬᠠᠷ | ᠮᠢᠩᠭᠠᠨ ᠬᠤᠰᠢᠭᠤᠨ ᠤ ᠮᠠᠯᠴᠢᠨ ᠭᠤᠮᠪᠤ ᠶᠢᠨ ᠭᠡᠷ ᠲᠤ ᠲᠥᠷᠦᠪᠡ᠃ 8 ᠨᠠᠰᠣᠨ ᠠᠴᠠ ᠪᠠᠨ ᠬᠤᠭᠤᠷ ᠬᠥᠭᠯᠡᠨ | ᠳᠠᠭᠤᠤ ᠠᠶᠠᠯᠠᠭᠤᠯᠵᠤ ᠣᠷᠠᠯᠢᠭ ᠤᠨ ᠰᠢᠳᠢ ᠶᠢ ᠮᠡᠳᠡᠷᠡᠨ ᠡᠬᠢᠯᠡᠵᠡᠢ᠃ | ᠪᠠᠪᠣᠳᠣᠷᠵᠢ 1936 ᠣᠨ ᠳᠤ ᠴᠠᠬᠠᠷ ᠮᠣᠩᠭᠤᠯ ᠤᠨ ᠵᠠᠩᠪᠸᠢ ᠶᠢᠨ ᠵᠠᠯᠠᠭᠤᠰ ᠤᠨ ᠰᠣᠷᠭᠠᠭᠤᠯᠢ ᠳᠤ 2 ᠵᠢᠯ | ᠰᠣᠷᠣᠯᠴᠠᠵᠤ 1938 ᠣᠨ ᠳᠤ ᠮᠢᠩᠭᠠᠨ ᠬᠤᠰᠢᠭᠤᠨ ᠤ 13 ᠰᠣᠮᠣᠨ ᠤ ᠪᠢᠴᠢᠭᠡᠴᠢ ᠶᠢᠨ ᠠᠵᠢᠯ ᠢ ᠬᠢᠵᠡᠢ᠃ | 1941 ᠣᠨ ᠳᠤ ᠲᠣᠰ ᠰᠣᠮᠣᠨ ᠤ ᠣᠷᠣᠯᠠᠨ ᠬᠥᠭᠡᠭᠴᠢ ᠭᠦᠩᠲᠡ ᠶᠢᠨ ᠠᠵᠢᠯ ᠢ ᠬᠢᠪᠡ᠃ ᠮᠣᠩᠭᠤᠯ | ᠦᠨᠳᠦᠰᠦᠲᠡᠨ ᠤ ᠣᠯᠠᠮᠵᠢᠯᠠᠯᠲᠤ ᠠᠶᠠᠯᠭᠤ ︽ᠠᠰᠠᠷ︾ ᠢ ᠬᠥᠭᠵᠢᠮᠳᠡᠬᠦ ᠣᠷ᠎ᠠ ᠮᠡᠷᠭᠡᠵᠢᠯ ᠢᠶᠠᠨ ᠣᠯᠠᠮ | ᠲᠡᠭᠦᠯᠳᠡᠷᠵᠢᠭᠦᠯᠦᠨ᠂ ᠠᠷᠠᠳ ᠣᠯᠠᠨ ᠤ ᠪᠠᠨ ᠰᠣᠨᠣᠷ ᠮᠡᠯᠮᠡᠢ ᠳᠤ ︽ᠰᠠᠶᠢᠨ ᠬᠤᠭᠤᠷᠴᠢ︾ ᠪᠠᠷ ᠲᠠᠭᠠᠰᠢᠶᠠᠭᠳᠠᠵᠤ | ᠪᠠᠶᠢᠵᠠᠢ᠃ 1944 ᠣᠨ ᠳᠤ ᠮᠢᠩᠭᠠᠨ ᠬᠤᠰᠢᠭᠤᠨ ᠤ 12 ᠳ᠋ᠣᠭᠠᠷ ᠰᠣᠮᠣᠨ ᠤ ᠪᠠᠭ᠎ᠠ ᠰᠣᠷᠭᠠᠭᠤᠯᠢ ᠳᠤ | ᠬᠢᠴᠢᠶᠡᠯ ᠵᠢᠭᠠᠵᠤ ᠪᠠᠶᠢᠬᠤ ᠳᠠᠭᠠᠨ ︽ᠡᠷᠭᠢᠯᠳᠦᠨ ᠳᠠᠪᠠᠯᠭᠠᠯᠠᠬᠤ ᠰᠠᠩ ᠤᠨ ᠳᠠᠯᠠᠢ︾ ᠭᠡᠬᠦ ᠳᠠᠭᠤᠤ ᠶᠢ | ᠵᠣᠬᠢᠶᠠᠭᠰᠠᠨ ᠨᠢ ᠲᠡᠭᠦᠨ ᠤ ᠣᠣᠭᠠᠨ ᠪᠥᠲᠦᠭᠡᠯ ᠤᠨ ᠬᠤᠪᠢ ᠪᠠᠷ ᠥᠷᠭᠡᠨ ᠳᠡᠯᠭᠡᠷᠡᠭᠰᠡᠨ ᠶᠣᠮ᠃ | ᠪᠠᠪᠣᠳᠣᠷᠵᠢ 1950 ᠣᠨ ᠳᠤ ᠥᠪᠦᠷ ᠮᠣᠩᠭᠤᠯ ᠤᠨ ᠣᠷᠠᠨ ᠰᠠᠶᠢᠬᠠᠨ ᠤ ᠪᠦᠯᠬᠦᠮ ᠳᠤ ᠣᠷᠣᠵᠤ᠂ | ᠳᠥᠷᠪᠡᠨ ᠣᠲᠠᠰᠣᠲᠤ ᠬᠤᠭᠤᠷ ᠢᠶᠠᠨ ᠬᠥᠭᠵᠢᠮᠳᠡᠬᠦ ᠶᠢᠨ ᠬᠠᠮᠲᠤ ᠠᠷᠠᠳ ᠤᠨ ᠬᠦᠭᠵᠢᠮ ᠤᠨ ᠨᠠᠶᠢᠷᠠᠯ ︽ᠠᠰᠠᠷ︾ | ᠤᠨ ᠵᠣᠬᠢᠶᠠᠨ ᠪᠥᠲᠦᠭᠡᠯᠲᠡ ᠳᠤ ᠣᠷᠣᠯᠴᠠᠵᠠᠢ᠃ ᠪᠠᠰᠠ ︽ᠲᠠᠯ᠎ᠠ ᠨᠣᠲᠤᠭ ᠤᠨ ᠬᠦᠮᠦᠰ︾ ᠭᠡᠬᠦ ᠺᠢᠨᠤ᠋ ᠳᠠᠬᠢ | ᠠᠶᠢᠮᠠᠭ ᠤᠨ ᠳᠠᠷᠤᠭ᠎ᠠ ᠶᠢ ᠲᠣᠭᠯᠠᠭᠰᠠᠨ ᠪᠢᠯᠡ᠃ 1956 ᠣᠨ ᠠᠴᠠ ᠰᠢᠯᠣᠭᠤᠨ ᠬᠥᠬᠡ ᠬᠤᠰᠢᠭᠤᠨ ᠤ | ᠣᠯᠠᠭᠠᠨᠮᠦ᠋ᠴᠢᠷ ᠤᠨ ᠳᠡᠳ᠋ ᠳᠠᠷᠤᠭ᠎ᠠ᠂ ᠬᠥᠭᠵᠢᠮ ᠤᠨ ᠪᠠᠭᠰᠢ ᠪᠠᠷ ᠠᠵᠢᠯᠯᠠᠪᠠ᠃ ᠳᠡᠭᠡᠷ᠎ᠡ ᠵᠠᠭᠤᠨ ᠤ ᠵᠢᠷᠠᠭᠠᠳ | ᠣᠨ ᠳᠤ ᠲᠡᠭᠦᠨ ᠤ ᠵᠣᠬᠢᠶᠠᠨ ᠨᠠᠶᠢᠷᠠᠭᠤᠯᠣᠭᠰᠠᠨ ︽ᠴᠠᠬᠠᠷ ᠨᠠᠢᠮᠠᠨ ᠬᠤᠰᠢᠭᠤ︾ ᠳᠠᠭᠤᠤ ᠪᠠ ᠲᠣᠭᠯᠠᠯᠲᠠ ᠶᠢ | ᠥᠪᠦᠷ ᠮᠣᠩᠭᠤᠯ ᠤᠨ ᠷᠠᠳᠢᠤ᠋ ᠨᠡᠪᠲᠡᠷᠡᠭᠦᠯᠭᠡ ᠶᠢᠨ ᠬᠤᠷᠢᠶ᠎ᠠ ᠰᠢᠩᠭᠡᠭᠡᠯᠲᠡ ᠬᠢᠵᠦ ᠨᠡᠪᠲᠡᠷᠡᠭᠦᠯᠪᠡ᠃ | ᠪᠠᠪᠤᠳᠣᠷᠵᠢ ᠣᠯᠠᠨ ᠣᠳᠠᠭᠠᠨ ᠤ ᠲᠣᠭᠯᠠᠯᠲᠠ ᠶᠢᠨ ᠣᠷᠣᠯᠳᠣᠭᠠᠨ ᠳᠤ ᠣᠷᠣᠯᠴᠠᠵᠤ 2 ᠣᠳᠠᠭ᠎ᠠ ᠠᠯᠲᠠᠨ | ᠮᠧᠳᠠᠯ ᠤᠨ ᠱᠠᠩᠨᠠᠯ ᠬᠦᠷᠲᠡᠵᠦ ᠣᠯᠠᠨ ᠣᠳᠠᠭ᠎ᠠ ᠰᠢᠯᠢᠳᠡᠭ ᠲᠣᠭᠯᠠᠭᠴᠢ ᠪᠠᠷ ᠰᠢᠯᠭᠠᠷᠠᠨ᠂ ᠯᠣᠪᠰᠠᠩᠵᠠᠮᠰᠤ᠂ | ᠲᠣᠩᠶᠣᠳ ᠮᠡᠳᠦ ᠶᠢᠨ ᠰᠢᠯᠢᠳᠡᠭ ᠬᠥᠭᠵᠢᠮᠴᠢᠨ ᠢ ᠪᠡᠶ᠎ᠡ ᠪᠠᠷ ᠢᠶᠠᠨ ᠬᠦᠮᠦᠵᠢᠭᠦᠯᠦᠨ ᠵᠠᠯᠭᠠᠮᠵᠢᠯᠠᠭᠴᠢ ᠪᠣᠯᠭᠠᠵᠠᠢ᠃ | ᠠᠵᠢᠯ ᠠᠴᠠ ᠪᠠᠨ ᠳᠠᠷᠬᠠᠯᠠᠭᠰᠠᠨ ᠤ ᠳᠠᠷᠠᠭ᠎ᠠ ︽ᠴᠠᠬᠠᠷ ᠨᠠᠢᠮᠠᠨ ᠬᠤᠰᠢᠭᠤ︾ ᠭᠡᠬᠦ ᠠᠷᠠᠳ ᠤᠨ ᠳᠠᠭᠤᠣ ᠶᠢ | ᠦᠯᠢᠭᠡᠷᠲᠦ ᠳᠠᠭᠤᠨ ᠪᠣᠯᠭᠠᠨ ᠨᠠᠶᠢᠷᠠᠭᠤᠯᠣᠭᠰᠠᠨ ᠤ ᠬᠠᠮᠲᠤ ︽ᠠᠰᠠᠷ︾ ᠤᠨ ᠴᠣᠬᠤᠮ ᠡᠰᠢ ᠠᠶ᠎ᠠ ᠶᠢ | ᠰᠢᠩᠭᠡᠭᠡᠯᠲᠡ ᠪᠢᠴᠢᠯᠭᠡ ᠳᠤ ᠦᠯᠡᠳᠡᠭᠡᠵᠦ ᠣᠷᠠᠯᠢᠭ ᠤᠨ ᠰᠠᠩ ᠳᠠᠭᠠᠨ ᠨᠡᠮᠡᠷᠢᠯᠡᠭᠰᠡᠨ ᠶᠣᠮ᠃ | ᠪᠠᠪᠣᠳᠣᠷᠵᠢ ᠪᠣᠯ ᠮᠣᠩᠭᠤᠯ ᠦᠨᠳᠦᠰᠦᠲᠡᠨ ᠤ ᠴᠢᠪᠬᠠᠳᠠᠬᠤ᠂ ᠦᠯᠢᠶᠡᠬᠦ ᠲᠥᠷᠦᠯ ᠪᠦᠷᠢ ᠶᠢᠨ ᠬᠥᠭᠵᠢᠮ | ᠢᠶᠠᠷ ᠪᠥᠷᠢᠯᠳᠦᠭᠰᠡᠨ ᠠᠶᠠᠯᠭᠤ ︽ᠠᠰᠠᠷ︾ ᠢ ᠪᠦᠷᠢᠨ ᠲᠡᠭᠦᠯᠳᠡᠷ ᠢᠶᠠᠷ ᠬᠥᠭᠵᠢᠮᠳᠡᠵᠦ ᠴᠢᠳᠠᠳᠠᠭ ᠬᠤᠪᠣᠷᠬᠠᠨ | ᠣᠷᠠᠯᠢᠭᠴᠢ ᠶᠣᠮ᠃ ᠲᠡᠷᠡ ᠲᠥᠷᠪᠡᠨ ᠣᠲᠠᠰᠤᠲᠤ ᠬᠤᠭᠤᠷ ᠢᠶᠠᠷ ︽ᠠᠳᠣᠭᠤᠴᠢᠨ ᠠᠰᠠᠷ︾᠂ ︽ᠬᠤᠨᠢᠴᠢᠨ | ᠠᠰᠠᠷ︾᠂ ︽ᠶᠣᠳᠪᠠᠢ ᠠᠰᠠᠷ︾᠂ ︽ᠮᠢᠩᠭᠠᠨ ᠠᠰᠠᠷ︾᠂ ︽ᠰᠦᠷᠦᠭ ᠠᠰᠠᠷ︾᠂ ︽ᠭᠦᠯᠦ ᠴᠠᠭᠠᠨ ᠠᠰᠠᠷ︾ | ᠵᠡᠷᠭᠡ 20 ᠰᠢᠬᠠᠮ ᠠᠰᠠᠷ ᠤᠨ ᠠᠶ᠎ᠠ ᠶᠢ ᠢᠷᠠᠭᠤ ᠰᠠᠶᠢᠬᠠᠨ ᠬᠥᠭᠵᠢᠮᠳᠡᠳᠡᠭ ᠠᠪᠢᠶᠠᠰᠲᠤ ᠬᠥᠭᠵᠢᠮᠴᠢᠨ ᠪᠢᠯᠡ᠃ | ᠪᠠᠪᠣᠳᠣᠷᠵᠢ ᠰᠢᠯᠣᠭᠤᠨ ᠬᠥᠬᠡ ᠬᠤᠰᠢᠭᠤᠨ ᠤ ᠣᠯᠣᠰ ᠲᠥᠷᠦ ᠶᠢᠨ ᠵᠥᠪᠯᠡᠯᠭᠡᠨ ᠤ ᠠᠩᠬᠠᠳᠣᠭᠠᠷ | ᠬᠤᠭᠤᠴᠠᠭᠠᠨ ᠤ ᠪᠠᠶᠢᠩᠭᠤ ᠶᠢᠨ ᠬᠡᠰᠢᠭᠦᠨ᠂ ᠰᠢᠯᠢ ᠶᠢᠨ ᠭᠤᠣᠯ ᠠᠶᠢᠮᠠᠭ ᠤᠨ ᠣᠯᠣᠰ ᠲᠥᠷᠦ ᠶᠢᠨ ᠵᠥᠪᠯᠡᠯᠭᠡᠨ ᠤ | ᠭᠡᠰᠢᠭᠦᠨ ᠪᠠᠶᠢᠪᠠ᠃ | 1984 ᠣᠨ ᠳᠤ ᠡᠪᠡᠳᠴᠢᠨ ᠢᠶᠠᠷ ᠨᠠᠰᠣ ᠪᠠᠷᠠᠵᠠᠢ᠃ | ᠪᠠᠪᠣᠳᠣᠷᠵᠢ᠂ 1990 ᠣᠨ ᠳᠤ ︽ᠴᠠᠬᠠᠷ ᠮᠣᠩᠭᠤᠯ ︵ᠳᠣᠣᠷᠠᠳᠤ︶︾᠂ ︽ᠰᠢᠯᠢ ᠶᠢᠨ ᠭᠤᠣᠯ ᠤᠨ | ᠠᠯᠳᠠᠷᠲᠤ ᠬᠦᠮᠦᠰ︾᠂ 2003 ᠣᠨ ᠳᠤ ︽ᠴᠠᠬᠠᠷ ᠰᠢᠯᠣᠭᠤᠨ ᠴᠠᠭᠠᠨ ᠦᠬᠡᠷ ᠬᠤᠨᠢᠨ ᠰᠦᠷᠦᠭ︾᠂ 2004 | ᠣᠨ ᠳᠤ ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾᠂ ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ ︵ | ᠳᠣᠣᠷᠠᠳᠤ︶︾ ᠵᠡᠷᠭᠡ ᠨᠣᠮ ᠳᠤ ᠲᠡᠮᠳᠡᠭᠯᠡᠭᠳᠡᠵᠡᠢ᠃ | |