ᠳ᠋ᠠᠮᠪᠠ
ᠨᠡᠶᠢᠲᠡᠯᠡᠭᠰᠡᠨ ᠴᠠᠭ᠄
2020/4/23
     ᠳ᠋ᠠᠮᠪᠠ ︵1918~ 1985 ᠣᠨ︶᠂ ᠪᠣᠷᠵᠢᠭᠢᠨ ᠣᠪᠣᠭ ᠲᠠᠢ᠂ ᠣᠣᠯ ᠤᠨ ᠴᠠᠬᠠᠷ ᠵᠡᠭᠦᠨ ᠭᠠᠷ ᠤᠨ ᠲᠠᠶᠢᠹᠣᠰᠧ ᠪᠠᠷᠠᠭᠤᠨ ᠭᠠᠷ ᠰᠦᠷᠦᠭ ︵ᠬᠤᠰᠢᠭᠤ︶ ᠤᠨ ᠨᠣᠷᠪᠣᠽᠠᠨ᠎ᠠ ᠠᠮᠪᠠᠨ ᠤ ᠬᠥᠪᠡᠭᠦᠨ ᠪᠣᠯᠣᠨ᠎ᠠ᠃      1926 ᠣᠨ ᠤ 9 ᠰᠠᠷ᠎ᠠ ᠳᠤ ᠴᠢᠭᠤᠯᠣᠯᠲᠤ ᠬᠠᠭᠠᠯᠭ᠎ᠠ ᠶᠢᠨ ᠪᠣᠤ ᠬᠤᠸᠠ ᠭᠠᠩ ᠣᠯᠣᠰ ᠤᠨ ᠨᠡᠷᠡᠮᠵᠢᠲᠦ ᠪᠠᠭ᠎ᠠ ᠰᠣᠷᠭᠠᠭᠤᠯᠢ ᠳᠤ ᠳᠥᠷᠪᠡᠨ ᠵᠢᠯ ᠬᠢᠲᠠᠳ ᠬᠡᠯᠡᠨ ᠤ ᠳᠣᠰᠬᠠᠢ ᠰᠠᠯᠪᠣᠷᠢ ᠳᠤ ᠰᠣᠷᠣᠯᠴᠠᠪᠠ᠃      1934 ᠣᠨ ᠤ 9 ᠰᠠᠷ᠎ᠠ ᠳᠤ᠂ ᠣᠣᠯ ᠤᠨ ᠴᠠᠬᠠᠷ ᠮᠣᠵᠢ ᠶᠢᠨ ᠵᠠᠩᠪᠸᠢ ᠳᠠᠬᠢ᠂ ᠮᠠᠯᠵᠢᠯ ᠤᠨ ᠰᠠᠯᠠᠭᠠᠨ  ᠤ ᠳᠣᠰᠬᠠᠢ ᠬᠠᠮᠢᠶᠠᠷᠣᠯᠲᠠ ᠶᠢᠨ ᠰᠠᠯᠪᠣᠷᠢ ᠳᠤ ᠰᠣᠷᠣᠯᠴᠠᠵᠠᠢ᠃      1935 ᠣᠨ ᠤ 9 ᠰᠠᠷ᠎ᠠ ᠳᠤ ᠮᠠᠨᠢᠪᠠᠳᠠᠯᠠ ᠵᠠᠬᠢᠷᠣᠯ ᠤᠨ ᠮᠠᠨᠵᠤ ᠶᠢᠨ ᠰᠧᠩ ᠠᠨ ᠴᠡᠷᠢᠭ ᠤᠨ ᠨᠣᠶᠠᠳ  ᠤᠨ ᠰᠣᠷᠭᠠᠭᠤᠯᠢ ᠳᠤ ᠳᠥᠷᠪᠡᠨ ᠵᠢᠯ ᠰᠣᠷᠣᠯᠴᠠᠵᠤ ᠲᠡᠭᠦᠰᠪᠡ᠃      1939 ᠣᠨ ᠤ 9 ᠰᠠᠷ᠎ᠠ ᠳᠤ ᠳᠡᠮᠴᠣᠭ᠍ᠳᠣᠩᠷᠣᠪ ᠤᠨ ᠮᠣᠩᠭᠤᠯ ᠴᠡᠷᠢᠭ ᠤᠨ ᠰᠧᠯᠢᠩᠪᠦ᠋ ᠳᠤ ᠵᠥᠪᠳᠡᠭᠴᠢ ︵ᠽᠠᠨᠮᠤ︶ ᠪᠠᠷ ᠠᠵᠢᠯᠯᠠᠵᠤ ᠳᠡᠰᠯᠡᠭᠴᠢ ᠳᠡᠪᠰᠢᠵᠡᠢ᠃      1941 ᠣᠨ ᠤ 9 ᠰᠠᠷ᠎ᠠ ᠳᠤ ᠶᠠᠫᠣᠨ ᠤ ᠲᠣᠣᠺᠢᠤ᠋ ᠶᠢᠨ ᠬᠠᠭᠤᠷᠠᠢ ᠵᠠᠮ ᠤᠨ ᠴᠡᠷᠢᠭ ᠤᠨ ᠨᠣᠶᠠᠳ ᠤᠨ ᠰᠣᠷᠭᠠᠭᠤᠯᠢ ᠳᠤ ᠰᠣᠷᠣᠯᠴᠠᠵᠤ ᠠᠬᠠᠮᠠᠳ ᠳᠡᠰᠯᠡᠭᠴᠢ ᠪᠣᠯᠵᠠᠢ᠃      1943 ᠣᠨ ᠤ 10 ᠰᠠᠷ᠎ᠠ ᠳᠤ ᠣᠯᠣᠰ ᠲᠠᠭᠠᠨ ᠪᠣᠴᠠᠨ ᠢᠷᠡᠭᠰᠡᠨ ᠤ ᠰᠡᠭᠦᠯᠡᠷ ᠴᠠᠬᠠᠷ ᠠᠶᠢᠮᠠᠭ ᠤᠨ ᠵᠣᠳᠪᠠᠵᠠᠪ ᠤᠨ ᠮᠣᠩᠭᠤᠯ ᠤᠨ ᠴᠡᠷᠢᠭ ᠤᠨ ᠬᠤᠶᠠᠳᠣᠭᠠᠷ ᠬᠤᠷᠢᠶᠠᠨ ᠤ ᠬᠠᠮᠠᠭᠠᠯᠠᠯᠲᠠ ᠶᠢᠨ ᠵᠥᠪᠳᠡᠭᠴᠢ ︵ᠽᠠᠨᠮᠤ︶  ᠶᠢᠨ ᠭᠠᠵᠠᠷ ᠤᠨ ᠳᠠᠷᠤᠭ᠎ᠠ ᠪᠠᠷ ᠲᠣᠮᠢᠯᠠᠭᠳᠠᠵᠠᠢ᠃      1944 ᠣᠨ ᠤ 2 ᠰᠠᠷ᠎ᠠ ᠳᠤ ᠪᠣᠤ ᠭᠦᠢ ᠶᠠᠨ ᠤ ᠮᠣᠩᠭᠤᠯ ᠴᠡᠷᠢᠭ ᠤᠨ ᠰᠣᠷᠭᠠᠭᠤᠯᠢ ᠳᠤ ᠳᠥᠷᠪᠡᠳᠦᠭᠡᠷ ᠲᠣᠭᠤᠷᠢᠭ ᠤᠨ ᠳᠠᠷᠤᠭ᠎ᠠ ᠶᠢᠨ ᠳᠣᠰᠢᠶᠠᠯ ᠢ ᠬᠠᠷᠢᠭᠤᠴᠠᠵᠠᠢ᠃      1944 ᠣᠨ ᠳᠤ ᠮᠣᠩᠭᠤᠯ ᠬᠢᠵᠠᠭᠠᠷ ᠤᠨ ᠵᠠᠰᠠᠭ ᠤᠨ ᠣᠷᠳᠣᠨ ᠤ ᠡᠷᠬᠢᠯᠡᠭᠰᠡᠨ ᠮᠣᠩᠭᠤᠯ᠂ ᠬᠢᠲᠠᠳ᠂ ᠶᠠᠫᠣᠨ ᠭᠤᠷᠪᠠᠨ ᠬᠡᠯᠡᠨ ᠤ ᠣᠷᠴᠢᠭᠤᠯᠭ᠎ᠠ ᠳᠤ ᠰᠢᠯᠭᠠᠭᠳᠠᠨ ᠬᠢᠷᠢ ᠲᠡᠩᠴᠡᠵᠦ᠂ ᠰᠠᠷ᠎ᠠ ᠶᠢᠨ ᠴᠠᠯᠢᠩ ᠤᠨ ᠨᠡᠮᠡᠭᠳᠡᠯ  ᠨᠢ ᠭᠤᠴᠢᠨ ᠲᠥᠭᠦᠷᠢᠭ ᠪᠣᠯᠵᠠᠢ᠃       1945 ᠣᠨ ᠤ 10 ᠰᠠᠷ᠎ᠠ ᠳᠤ ᠨᠠᠢᠮᠠᠳᠣᠭᠠᠷ ᠵᠠᠮ ᠤᠨ ᠴᠡᠷᠢᠭ ᠬᠥᠬᠡᠬᠤᠲᠠ ᠶᠢ ᠪᠥᠰᠡᠯᠡᠭᠰᠡᠨ ᠪᠠᠶᠢᠨ᠎ᠠ᠃ ᠳ᠋ᠠᠮᠪᠠ ᠮᠣᠩᠭᠤᠯ ᠴᠡᠷᠢᠭ ᠤᠨ ᠲᠥᠯᠦᠭᠡᠯᠡᠭᠴᠢ ᠪᠠᠷ ᠲᠣᠮᠢᠯᠠᠭᠳᠠᠵᠤ᠂ ᠨᠠᠢᠮᠠᠳᠣᠭᠠᠷ ᠵᠠᠮ ᠤᠨ ᠴᠡᠷᠢᠭ ᠲᠠᠢ ᠠᠭᠤᠯᠵᠠᠯᠲᠠ ᠬᠢᠵᠦ ᠫᠣᠤ ᠵᠠᠭᠤ ᠭᠠᠷᠣᠢ᠂ ᠰᠣᠮᠣ ᠬᠤᠶᠠᠷ ᠲᠥᠮᠡ ᠶᠢ ᠥᠭᠴᠦ᠂ ᠬᠤᠶᠠᠷ ᠲᠠᠯ᠎ᠠ ᠶᠢᠨ ᠡᠪᠲᠡᠢ ᠶᠠᠷᠢᠯᠴᠠᠭᠠᠨ ᠢᠶᠠᠷ ᠬᠥᠬᠡᠬᠤᠲᠠ ᠶᠢ ᠨᠠᠶᠢᠷᠠᠮᠳᠠᠯ ᠢᠶᠠᠷ ᠴᠢᠯᠦᠭᠡᠯᠡᠬᠦ ᠬᠡᠯᠡᠯᠴᠡᠭᠡᠷ ᠢ ᠳᠣᠭᠲᠠᠭᠠᠬᠤ ᠳᠤ ᠣᠷᠣᠯᠴᠠᠵᠠᠢ᠃        ᠲᠣᠰ ᠵᠢᠯ ᠤᠨ 11 ᠰᠠᠷ᠎ᠠ ᠳᠤ ᠳ᠋ᠠᠮᠪᠠ ᠴᠢᠭᠤᠯᠣᠯᠲᠤ ᠬᠠᠭᠠᠯᠭ᠎ᠠ ᠳᠤ ᠬᠦᠷᠴᠦ ᠳᠣᠮᠳᠠᠳᠤ ᠣᠯᠣᠰ ᠤᠨ ᠡᠪ ᠬᠠᠮᠲᠤ ᠨᠠᠮ ᠤᠨ ᠣᠳᠣᠷᠢᠳᠣᠭᠰᠠᠨ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠯᠪᠣᠭᠠᠲᠤ ᠬᠤᠷᠠᠯ ᠳᠤ ᠣᠷᠣᠯᠴᠠᠨ᠂ ᠣᠯᠠᠭᠠᠨᠬᠦᠦ ᠲᠡᠷᠢᠭᠦᠯᠡᠭᠴᠢ ᠶᠢᠨ ᠰᠣᠷᠭᠠᠭᠤᠯᠢ ᠶᠢᠨ ᠳᠠᠷᠤᠭ᠎ᠠ ᠶᠢᠨ ᠥᠪᠦᠷ ᠮᠣᠩᠭᠤᠯ ᠤᠨ ᠴᠡᠷᠢᠭ ᠤᠨ ᠶᠠᠪᠣᠳᠠᠯ ᠤᠨ ᠶᠡᠭᠡ ᠰᠣᠷᠭᠠᠭᠤᠯᠢ ᠳᠤ ᠨᠢᠭᠡ ᠵᠢᠯ ᠪᠣᠯᠪᠠᠰᠣᠷᠠᠨ ᠰᠣᠷᠣᠯᠴᠠᠵᠠᠢ᠃        1946 ᠣᠨ ᠤ 11 ᠰᠠᠷ᠎ᠠ ᠳᠤ ᠰᠣᠷᠣᠯᠭ᠎ᠠ ᠪᠠᠨ ᠲᠡᠭᠦᠰᠭᠡᠵᠦ ᠥᠪᠦᠷ ᠮᠣᠩᠭᠤᠯ ᠤᠨ ᠰᠢᠯᠢ ᠶᠢᠨ ᠭᠤᠣᠯ᠂ ᠴᠠᠬᠠᠷ᠂ ᠪᠠᠶᠠᠨᠨᠠᠭᠤᠷ᠂ ᠣᠯᠠᠭᠠᠨᠴᠠᠪ ᠠᠶᠢᠮᠠᠭ ᠤᠨ ᠠᠵᠢᠯᠯᠠᠬᠤ ᠺᠣᠮᠢᠰ ᠲᠤ ᠬᠤᠪᠢᠶᠠᠭᠳᠠᠵᠤ ᠭᠠᠵᠠᠷ ᠣᠷᠣᠨ ᠤ ᠫᠠᠷᠲ᠋ᠢᠽᠠᠨ ᠳᠠᠶᠢᠨ ᠤ ᠮᠣᠷᠢᠲᠤ ᠴᠡᠷᠢᠭ ᠤᠨ 16 ᠳ᠋ᠣᠭᠠᠷ ᠳ᠋ᠢᠸᠢᠽᠢ ᠶᠢᠨ ᠬᠤᠶᠠᠳᠣᠭᠠᠷ ᠬᠤᠷᠢᠶᠠᠨ ᠤ ᠵᠥᠪᠳᠡᠭᠴᠢ ︵ᠽᠠᠨᠮᠤ︶ ᠶᠢᠨ ᠳᠣᠰᠢᠶᠠᠯ ᠬᠠᠷᠢᠭᠤᠴᠠᠵᠠᠢ᠃        1947 ᠣᠨ ᠤ 12 ᠰᠠᠷ᠎ᠠ ᠳᠤ᠂ ᠳ᠋ᠠᠮᠪᠠ ᠠᠪᠤ ᠨᠣᠷᠪᠣᠽᠠᠨ᠎ᠠ ᠪᠠᠨ ᠳᠠᠭᠠᠵᠤ᠂ ᠭᠤᠮᠢᠨᠳᠠᠩ ᠳᠤ ᠣᠷᠣᠪᠠ ᠃ ᠬᠥᠪᠡᠭᠦᠨ ᠳ᠋ᠠᠮᠪᠠ ᠶᠢ ᠴᠠᠬᠠᠷ ᠠᠶᠢᠮᠠᠭ ᠤᠨ ᠠᠮᠣᠷ ᠢ ᠬᠠᠮᠠᠭᠠᠯᠠᠬᠤ ᠰᠧᠯᠢᠩᠪᠦ᠋ ᠶᠢᠨ ᠳᠡᠳ᠋ ᠬᠤᠷᠠᠩᠲᠠ᠂ ᠵᠥᠪᠳᠡᠭᠴᠢ ᠶᠢᠨ ᠭᠠᠵᠠᠷ ᠤᠨ ᠳᠠᠷᠤᠭ᠎ᠠ ᠪᠠᠷ ᠲᠣᠮᠢᠯᠠᠵᠤ᠂ ᡁᠢ ᠸᠧᠨ ᠺᠦᠢ ᠶᠢᠨ ᠬᠤᠯᠢᠮᠠᠭ ᠴᠡᠷᠢᠭ ᠤᠨ ᠶᠡᠭᠡ ᠠᠩᠭᠢ ᠶᠢᠨ ᠬᠤᠷᠢᠶᠠᠨ ᠳᠠᠷᠤᠭ᠎ᠠ ᠪᠣᠯᠵᠠᠢ᠃        ᠳ᠋ᠠᠮᠪᠠ ᠪᠣᠣᠴᠠᠩ ᠳᠤ ᠪᠣᠴᠠᠭᠰᠠᠨ ᠤ ᠳᠠᠷᠠᠭ᠎ᠠ᠂ ᠮᠥᠭᠳᠡᠨᠪᠣᠤ ᠰᠧᠯᠢᠩ ᠤᠨ ᠵᠠᠷᠯᠢᠭ ᠢᠶᠠᠷ ᠬᠠᠪᠢᠷᠭ᠎ᠠ᠂ ᠪᠣᠱᠣᠣᠳᠠᠢ᠂ ᠬᠤᠯᠣᠰᠣᠲᠠᠢ᠂ ᠳᠣᠮᠳᠠ ᠬᠤᠲᠠ᠂ ᠪᠠᠭ᠎ᠠ ᠡᠷᠢᠶᠡᠨ᠂ ᠦᠬᠡᠷᠴᠢᠨ ᠣᠪᠣᠭ᠎ᠠ᠂ ᠬᠠᠶᠢᠷᠬᠠᠨ ᠡᠩᠭᠡᠷ ᠵᠡᠷᠭᠡ ᠭᠠᠵᠠᠷ ᠤᠨ ᠪᠠᠶᠢᠯᠳᠣᠭᠠᠨ ᠳᠤ ᠣᠷᠣᠭᠰᠠᠨ ᠪᠠ ᠳᠣᠯᠣᠨᠨᠠᠭᠤᠷ᠂ ᠪᠣᠣᠴᠠᠩ᠂ ᠺᠠᠩ ᠪᠣᠤ ᠶᠢ ᠬᠠᠮᠠᠭᠠᠯᠠᠬᠤ ᠳᠠᠶᠢᠨ ᠳᠤ ᠪᠡᠶ᠎ᠡ ᠪᠠᠷ ᠢᠶᠠᠨ ᠣᠷᠣᠯᠴᠠᠵᠤ ᠭᠤᠮᠢᠨᠳᠠᠩ ᠨᠠᠮ ᠳᠤ ᠦᠨᠡᠨᠴᠢ ᠰᠢᠳᠣᠷᠭᠤ ᠪᠠᠷ ᠵᠢᠳᠬᠦᠵᠦ ᠢᠷᠡᠭᠰᠡᠨ ᠪᠠᠶᠢᠨ᠎ᠠ᠃        1949 ᠣᠨ ᠤ 1 ᠰᠠᠷ᠎ᠠ ᠳᠤ ᠴᠢᠭᠤᠯᠣᠯᠲᠤ ᠬᠠᠭᠠᠯᠭ᠎ᠠ ᠶᠢ ᠴᠢᠯᠦᠭᠡᠯᠡᠬᠦ ᠪᠠᠶᠢᠯᠳᠣᠭᠠᠨ ᠳᠤ ᠨᠠᠢᠮᠠᠳᠣᠭᠠᠷ ᠵᠠᠮ ᠤᠨ ᠴᠡᠷᠢᠭ ᠲᠤ ᠪᠥᠰᠡᠯᠡᠭᠳᠡᠨ ᠪᠠᠷᠢᠭᠳᠠᠵᠠᠢ᠃ ᠳᠡᠮᠡᠢ ᠣᠳᠠᠯ ᠦᠭᠡᠢ ᠨᠠᠢᠮᠠᠳᠣᠭᠠᠷ ᠵᠠᠮ ᠤᠨ ᠴᠡᠷᠢᠭ ᠠᠴᠠ ᠳᠣᠲᠠᠭᠠᠨ ᠭᠠᠷᠴᠤ᠂ ᠪᠡᠭᠡᠵᠢᠩ ᠬᠤᠲᠠ ᠳᠤ ᠬᠦᠷᠴᠦ ᠡᠬᠢᠯᠡᠭᠡᠳ ᠭᠤᠷᠪᠠᠨ ᠬᠦᠷᠳᠦᠲᠦ ᠲᠡᠷᠭᠡ ᠣᠨᠣᠵᠤ ᠠᠮᠢᠳᠣᠷᠠᠯ  ᠢᠶᠠᠨ ᠠᠷᠭᠠᠴᠠᠵᠤ ᠲᠠᠪᠣᠨ ᠵᠢᠯ ᠠᠵᠢᠯᠯᠠᠬᠤ ᠳᠣᠮᠳᠠ᠂ ᠪᠡᠭᠡᠵᠢᠩ ᠬᠤᠶᠢᠲᠤ ᠬᠤᠲᠠ ᠶᠢᠨ ᠲᠣᠭᠤᠷᠢᠭ ᠤᠨ ᠭᠤᠷᠪᠠᠨ ᠬᠦᠷᠳᠦᠲᠦ ᠲᠡᠷᠭᠡᠨ ᠤ ᠠᠵᠢᠯᠴᠢᠨ ᠤ ᠡᠪᠯᠡᠯ ᠤᠨ ᠲᠡᠷᠢᠭᠦᠯᠡᠭᠴᠢ ᠪᠣᠯᠵᠠᠢ᠃        1955 ᠣᠨ ᠤ 12 ᠰᠠᠷ᠎ᠠ᠂ ᠴᠠᠬᠠᠷ ᠠᠶᠢᠮᠠᠭ ᠤᠨ ᠳᠣᠲᠣᠭᠠᠳᠤ ᠶᠢ ᠬᠠᠮᠠᠭᠠᠯᠬᠤ ᠭᠠᠵᠠᠷ ᠠᠴᠠ ᠪᠠᠷᠢᠪᠴᠢᠯᠠᠵᠤ ᠳᠠᠶᠢᠨ ᠤ ᠶᠠᠯᠠᠲᠠᠨ ᠢᠶᠠᠷ 15 ᠵᠢᠯ ᠤᠨ ᠬᠤᠭᠤᠴᠠᠭ᠎ᠠ ᠲᠠᠢ ᠬᠤᠷᠢᠵᠤ᠂ ᠲᠢᠶᠠᠨᠵᠢᠨ ᠬᠤᠲᠠ ᠶᠢᠨ ᠫᠸᠢ ᠨᠠᠨ ᠰᠢᠶᠠᠨ ᠤ ᠳᠠᠶᠢᠨ ᠤ ᠶᠠᠯᠠᠲᠠᠨ ᠣᠶᠣᠨᠪᠢᠯᠢᠭ᠌ ︵ᠬᠢᠲᠠᠳ ᠨᠡᠷ᠎ᠡ ᠵᠣᠤ ᠴᠧᠩ ᠪᠢ︶ ᠵᠡᠷᠭᠡ ᠬᠦᠮᠦᠰ ᠤᠨ ᠭᠡᠷᠡᠴᠢᠯᠡᠯᠲᠡ ᠪᠠᠷ ᠳ᠋ᠠᠮᠪᠠ ᠶᠢᠨ ᠬᠢᠭᠰᠡᠨ ᠶᠠᠯ᠎ᠠ ᠶᠢ ᠬᠥᠩᠭᠡᠪᠴᠢᠯᠡᠨ ᠠᠭᠤᠴᠢᠯᠠᠵᠠᠢ᠃ ᠳᠠᠷᠠᠭ᠎ᠠ ᠨᠢ ᠥᠪᠦᠷ ᠮᠣᠩᠭᠤᠯ  ᠤᠨ ᠳᠣᠲᠣᠭᠠᠳᠤ ᠶᠢ ᠬᠠᠮᠠᠭᠠᠯᠠᠬᠤ ᠲᠢᠩᠬᠢᠮ ᠤᠨ ᠲᠣᠮᠢᠯᠠᠯᠲᠠ ᠪᠠᠷ ᠳ᠋ᠠᠮᠪᠠ ᠪᠢᠴᠢᠭ ᠤᠨ ᠨᠡᠷ᠎ᠡ ᠪᠠᠨ ︽ᠱᠠ ᠶᠣᠸᠠᠨ ︵沙原︶︾ ᠭᠡᠵᠦ ᠳᠠᠭᠤᠳᠠᠬᠤ ᠪᠣᠯᠵᠤ᠂ ᠠᠯᠠᠱᠠ ᠬᠥᠬᠡᠨᠡᠭᠤᠷ ᠵᠡᠷᠭᠡ ᠭᠠᠵᠠᠷ ᠲᠤ ᠲᠠᠪᠣᠨ ᠵᠢᠯ ᠡᠭᠦᠷᠭᠡ ᠭᠦᠢᠴᠡᠳᠭᠡᠵᠡᠢ᠃        1975 ᠣᠨ ᠤ 3 ᠰᠠᠷ᠎ᠠ ᠳᠤ᠂ ᠪᠥᠬᠦ ᠣᠯᠣᠰ ᠤᠨ ᠠᠷᠠᠳ ᠤᠨ ᠲᠥᠯᠦᠭᠡᠯᠡᠭᠴᠢ ᠶᠢᠨ ᠳᠥᠷᠪᠡᠳᠦᠭᠡᠷ ᠣᠳᠠᠭᠠᠨ ᠤ ᠬᠤᠶᠠᠳᠠᠬᠢ ᠪᠠᠶᠢᠩᠭᠤ ᠶᠢᠨ ᠬᠤᠷᠢᠶᠠᠨ ᠤ ᠬᠤᠷᠠᠯ ᠤᠨ ᠳᠣᠭᠲᠠᠭᠠᠯ ᠢᠶᠠᠷ ᠭᠤᠮᠢᠨᠳᠠᠩ ᠤᠨ ᠨᠠᠮ ᠵᠠᠰᠠᠭ ᠴᠡᠷᠢᠭ ᠤᠨ ᠰᠢᠶᠠᠨ᠂ ᠬᠤᠷᠢᠶ᠎ᠠ ᠠᠴᠠ ᠳᠡᠭᠡᠭᠰᠢ ᠳᠠᠶᠢᠨ ᠤ ᠶᠠᠯᠠᠳᠠᠨ ᠳᠤ ᠣᠨᠴᠠ ᠠᠭᠤᠴᠢᠯᠠᠯ ᠦᠵᠡᠭᠦᠯᠵᠦ᠂ ᠭᠡᠷ  ᠲᠤᠨᠢ ᠬᠠᠷᠢᠭᠤᠯᠣᠨ ᠬᠥᠳᠡᠯᠮᠦᠷᠢ ᠳᠤ ᠣᠷᠣᠯᠴᠠᠬᠤ ᠳᠣᠬᠢᠶᠠᠯ ᠣᠯᠭᠤᠵᠠᠢ᠃ᠳ᠋ᠠᠮᠪᠠ 1985 ᠣᠨ ᠤ 4 ᠰᠠᠷ᠎ᠠ ᠶᠢᠨ 20 ᠳᠤ ᠨᠠᠰᠣ ᠪᠠᠷᠠᠪᠠ᠃ ᠲᠣᠰ ᠵᠢᠯ 67 ᠨᠠᠰᠣᠲᠠᠢ᠃ᠳ᠋ᠠᠮᠪᠠ᠂ 2004 ᠣᠨ ᠳᠤ ︽ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ ︵ᠳᠣᠣᠷᠠᠲᠤ︶︾ ᠬᠡᠮᠡᠬᠦ ᠨᠣᠮ ᠳᠤ ᠲᠡᠮᠳᠡᠭᠯᠡᠭᠳᠡᠵᠡᠢ᠃  
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号