ᠰᠣᠳᠨᠠᠮᠵᠣᠮᠴᠣᠤ | ᠰᠣᠳᠨᠠᠮᠵᠣᠮᠴᠣᠤ ︵1915~ 1999 ᠣᠨ︶᠂ ᠵᠦᠷᠴᠢᠨ ᠣᠪᠣᠭᠲᠠᠨ ᠢᠰᠢᠱᠠᠷᠣᠪ ᠤᠨ ᠭᠡᠷ ᠲᠤ | 1915 ᠣᠨ ᠤ ᠪᠢᠯᠢᠭ ᠤᠨ ᠣᠯᠠᠷᠢᠯ ᠤᠨ ᠠᠷᠪᠠᠨ ᠬᠤᠶᠠᠳᠣᠭᠠᠷ ᠰᠠᠷ᠎ᠠ ᠶᠢᠨ ᠲᠠᠪᠣᠨ ᠤ ᠡᠳᠦᠷ ᠭᠤᠷᠪᠠᠨ | ᠬᠤᠰᠢᠭᠤ ᠳᠠᠷᠢᠭᠠᠩᠭ᠎ᠠ ᠦᠬᠡᠷ ᠬᠤᠨᠢᠨ ᠰᠦᠷᠦᠭ ᠤᠨ ᠬᠥᠪᠡᠭᠡᠲᠦ ᠰᠢᠷ᠎ᠠ ᠦᠬᠡᠷᠴᠢᠨ ᠤ ᠰᠠᠭᠤᠵᠤ ᠪᠠᠶᠢᠭᠰᠠᠨ | ᠣᠯᠠᠭᠠᠨ ᠨᠠᠭᠤᠷ ︵ᠴᠠᠬᠠᠷ ᠤᠨ ᠲᠠᠶᠢᠹᠤᠰᠧ ᠵᠡᠭᠦᠨ ᠭᠠᠷ ᠰᠦᠷᠦᠭ︶ ᠬᠡᠮᠡᠬᠦ ᠭᠠᠵᠠᠷ ᠲᠥᠷᠦᠵᠡᠢ᠃ ᠪᠠᠭ᠎ᠠ ᠳᠠᠭᠠᠨ | ᠭᠡᠷ ᠤᠨ ᠰᠣᠷᠭᠠᠭᠤᠯᠢ᠂ ᠪᠠᠭ᠎ᠠ ᠰᠣᠷᠭᠠᠭᠤᠯᠢ ᠳᠤ ᠰᠣᠷᠣᠯᠴᠠᠵᠤ᠂ 1933 ᠣᠨ ᠳᠤ ᠪᠡᠭᠡᠵᠢᠩ ᠳᠠᠬᠢ ︽ᠮᠣᠩᠭᠤᠯ | ᠲᠥᠪᠡᠳ ᠤᠨ ᠰᠣᠷᠭᠠᠭᠤᠯᠢ︾ ᠳᠤ ᠰᠣᠷᠣᠯᠴᠠᠪᠠ᠃ 1936~ 1939 ᠣᠨ ᠳᠤ ᠵᠠᠩᠪᠸᠢ ᠳᠠᠬᠢ ︽ | ᠵᠠᠯᠠᠭᠤᠴᠣᠳ ᠤᠨ ᠰᠣᠷᠭᠠᠭᠤᠯᠢ︾ ᠳᠤ ᠪᠠᠭᠰᠢᠯᠠᠪᠠ᠃ 1939~ 1940 ᠣᠨ ᠳᠤ ︽ᠮᠣᠩᠭᠤᠯ ᠲᠥᠪᠡᠳ | ᠤᠨ ᠳᠡᠭᠡᠳᠦ ᠰᠣᠷᠭᠠᠭᠤᠯᠢ︾ ᠳᠤ ᠡᠯᠰᠡᠭᠳᠡᠵᠦ ᠰᠣᠷᠣᠯᠭ᠎ᠠ ᠲᠡᠭᠦᠰᠭᠡᠳ ᠮᠣᠩᠭᠤᠯ ᠤᠨ ᠥᠪᠡᠷᠲᠡᠭᠡᠨ ᠵᠠᠰᠠᠬᠤ | ᠬᠥᠳᠡᠯᠭᠡᠭᠡᠨ ᠤ ᠬᠤᠯᠪᠣᠭᠠᠲᠤ ᠵᠠᠰᠠᠭ ᠤᠨ ᠣᠷᠳᠣᠨ ᠳᠤ ᠪᠢᠴᠢᠭᠡᠴᠢ ᠪᠣᠯᠵᠠᠢ᠃ 1943~ 1946 ᠣᠨ ᠳᠤ | ᠶᠠᠫᠣᠨ ᠤ ᠦᠰᠠᠶᠢᠳᠠ ᠶᠡᠭᠡ ᠰᠣᠷᠭᠠᠭᠤᠯᠢ ᠶᠢᠨ ᠣᠯᠣᠰ ᠲᠥᠷᠦ ᠠᠵᠤ ᠠᠬᠤᠢ ᠶᠢᠨ ᠰᠠᠯᠪᠣᠷᠢ ᠳᠤ ᠰᠣᠷᠣᠯᠴᠠᠵᠠᠢ᠃ | 1944~ 1946 ᠣᠨ ᠳᠤ ᠮᠢᠩᠭᠠᠨ ᠬᠤᠰᠢᠭᠤᠨ ᠤ ᠶᠡᠭᠡ ᠵᠠᠯᠠᠨ᠂ ᠶᠡᠷᠦᠩᠬᠡᠢ ᠶᠠᠪᠣᠳᠠᠯ ᠤᠨ ᠰᠠᠯᠠᠭᠠᠨ ᠤ | ᠳᠠᠷᠤᠭ᠎ᠠ᠂ ᠬᠤᠰᠢᠭᠤ ᠳᠠᠷᠤᠭ᠎ᠠ ᠶᠢᠨ ᠳᠣᠰᠢᠶᠠᠯ ᠢ ᠲᠣᠰ ᠲᠣᠰ ᠬᠠᠷᠢᠭᠤᠴᠠᠵᠠᠢ᠃ 1946 ᠣᠨ ᠠᠴᠠ ᠥᠪᠦᠷ | ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠤ ᠰᠣᠷᠭᠠᠨ ᠬᠦᠮᠦᠵᠢᠯ ᠤᠨ ᠳᠣᠪᠴᠢᠶᠠᠨ ᠤ ᠳᠠᠷᠤᠭ᠎ᠠ᠂ | ᠨᠠᠶᠢᠷᠠᠭᠤᠯᠣᠨ ᠣᠷᠴᠢᠭᠤᠯᠬᠤ ᠭᠠᠵᠠᠷ ᠤᠨ ᠳᠠᠷᠤᠭ᠎ᠠ ᠪᠠᠶᠢᠵᠤ᠂ ᠴᠢᠭᠤᠯᠣᠯᠲᠤ ᠬᠠᠭᠠᠯᠭ᠎ᠠ ᠳᠤ ᠬᠡᠪᠯᠡᠯ ᠤᠨ | ᠳᠣᠪᠴᠢᠶ᠎ᠠ ᠪᠠᠶᠢᠭᠤᠯᠣᠭᠳᠠᠬᠤ ᠳᠤ ᠡᠷᠬᠢᠯᠡᠭᠰᠡᠨ ᠨᠠᠶᠢᠷᠠᠭᠤᠯᠣᠭᠴᠢ ᠪᠠ ᠨᠠᠶᠢᠷᠠᠭᠤᠯᠬᠤ ᠬᠡᠯᠲᠡᠰ ᠤᠨ ᠡᠷᠬᠢᠯᠡᠭᠴᠢ | ᠪᠣᠯᠪᠠ᠃ ᠡᠨᠡ ᠬᠤᠭᠤᠴᠠᠭᠠᠨ ᠳᠠᠭᠠᠨ ᠣᠯᠠᠨ ᠠᠷᠪᠢᠨ ᠨᠥᠯᠦᠭᠡ ᠶᠡᠬᠡᠲᠠᠢ ᠵᠣᠬᠢᠶᠠᠯ ᠪᠥᠲᠦᠭᠡᠯ ᠢ ᠣᠷᠴᠢᠭᠤᠯᠣᠨ | ᠨᠠᠶᠢᠷᠠᠭᠤᠯᠪᠠ᠃ 1953 ᠣᠨ ᠳᠤ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠨᠠᠶᠢᠷᠠᠭᠤᠯᠬᠤ | ᠳᠠᠰᠤᠭ ᠤᠨ ᠡᠷᠬᠢᠯᠡᠭᠴᠢ᠂ ᠳᠡᠳ᠋ ᠶᠡᠷᠦᠩᠬᠡᠢ ᠨᠠᠶᠢᠷᠠᠭᠤᠯᠣᠭᠴᠢ ᠪᠣᠯᠪᠠ᠃ 1956 ᠣᠨ ᠳᠤ ᠥᠪᠦᠷ ᠮᠣᠩᠭᠤᠯ ᠤᠨ | ᠠᠷᠠᠳ ᠤᠨ ᠬᠡᠪᠯᠡᠯ ᠤᠨ ᠬᠤᠷᠢᠶᠠᠨ ᠤ ᠳᠠᠷᠤᠭ᠎ᠠ ᠪᠠᠷ ᠲᠣᠮᠢᠯᠠᠭᠳᠠᠵᠤ᠂ 1962 ᠣᠨ ᠳᠤ ᠥᠪᠦᠷ ᠮᠣᠩᠭᠤᠯ ᠤᠨ | ᠰᠣᠶᠣᠯ ᠤᠨ ᠳᠣᠪᠴᠢᠶᠠᠨ ᠤ ᠳᠡᠳ᠋ ᠳᠠᠷᠤᠭ᠎ᠠ᠂ ᠠᠷᠠᠳ ᠤᠨ ᠬᠡᠪᠯᠡᠯ ᠤᠨ ᠬᠤᠷᠢᠶᠠᠨ ᠤ ᠬᠤᠷᠢᠶᠠᠨ ᠳᠠᠷᠤᠭ᠎ᠠ ᠶᠢ | ᠬᠠᠪᠰᠣᠷᠭᠠᠨ ᠬᠠᠷᠢᠭᠤᠴᠠᠵᠠᠢ᠃ ᠡᠨᠡ ᠬᠤᠭᠤᠴᠠᠭᠠᠨ ᠳᠤ ᠯᠤ᠋ ᠰᠢᠶᠦ᠋ᠨ ᠤ ︽ᠠ᠊ Q ᠶᠢᠨ ᠵᠢᠩᠬᠢᠨᠢ ᠨᠠᠮᠲᠠᠷ︾᠂ | ᠡᠤ ᠶᠦᠨ ᠳ᠋ᠦᠸᠧ ᠶᠢᠨ ︽ᠠᠯᠢ ᠪᠥᠬᠦᠨ ᠢᠶᠠᠨ ᠨᠠᠮ ᠳᠠᠭᠠᠨ︾ ᠭᠡᠬᠦ ᠨᠣᠮ ᠢ ᠣᠷᠴᠢᠭᠤᠯᠣᠭᠰᠠᠨ ᠪᠥᠭᠡᠳ ︽ᠮᠠᠤ | ᠽᠧ ᠳ᠋ᠦᠩ ᠤᠨ ᠰᠣᠩᠭᠤᠮᠠᠯ ᠵᠣᠬᠢᠶᠠᠯ︾ ᠢ ᠣᠷᠴᠢᠭᠤᠯᠬᠤ ᠺᠣᠮᠢᠰ ᠤᠨ ᠭᠡᠰᠢᠭᠦᠨ ᠪᠣᠯᠵᠤ 1~4 ᠳ᠋ᠣᠭᠡᠷ ᠪᠣᠳᠢ | ᠶᠢᠨ ᠣᠷᠴᠢᠭᠤᠯᠭ᠎ᠠ ᠶᠢ ᠬᠢᠨᠠᠵᠤ ᠬᠡᠪᠯᠡᠭᠦᠯᠬᠦ ᠠᠵᠢᠯ ᠢ ᠬᠠᠷᠢᠭᠤᠴᠠᠵᠤ ᠪᠠᠶᠢᠪᠠ᠃ | ︽ᠮᠣᠩᠭᠤᠯ ᠤᠨ ᠨᠢᠭᠤᠴᠠ ᠳᠣᠪᠴᠢᠶᠠᠨ︾᠂ ︽ᠭᠡᠰᠡᠷ︾᠂ ︽ᠵᠢᠩᠭᠠᠷ︾᠂ ︽ᠰᠣᠪᠠᠰᠢᠲᠢ︾᠂ ︽ᠭᠤᠴᠢᠨ | ᠬᠤᠶᠠᠷ ᠮᠣᠳᠣᠨ ᠬᠦᠮᠦᠨ ᠤ ᠦᠯᠢᠭᠡᠷ︾᠂ ︽ᠰᠢᠳᠢᠲᠦ ᠬᠡᠭᠦᠷ︾᠂ ︽ᠠᠷᠪᠠᠨ ᠵᠢᠷᠭᠤᠭᠠᠨ ᠵᠢᠯ ᠱᠣᠷᠣᠩ ᠳᠤ︾᠂ | ︽ᠴᠠᠭᠠᠵᠠ ᠶᠢᠨ ᠭᠠᠵᠠᠷ ᠢ ᠰᠣᠷᠪᠣᠯᠵᠢᠯᠠᠭᠰᠠᠨ ᠲᠡᠮᠳᠡᠭᠯᠡᠯ︾᠂ ︽ᠪᠥᠬᠦ ᠲᠠᠢ ᠮᠣᠷᠢ︾᠂ ︽ᠢᠵᠢᠯᠢ ᠭᠤᠷᠪᠠᠨ | ᠨᠥᠬᠦᠷ︾ ᠵᠡᠷᠭᠡ ᠳᠡᠯᠡᠬᠡᠢ ᠶᠢᠨ ᠠᠯᠳᠠᠷᠲᠤ ᠵᠣᠬᠢᠶᠠᠯ ᠪᠠ ︽ᠠᠯᠲᠠᠢ ᠳᠤ︾᠂ ︽ᠠᠶᠣᠰᠢ︾᠂ ︽ᠡᠯᠪᠡᠭ ᠳᠡᠪᠡᠯ︾ | ᠂ ︽ᠳ᠋᠊· ᠨᠠᠴᠣᠭᠳᠣᠷᠵᠢ︾᠂ ︽ᠴ᠊ ᠳᠠᠮᠳᠢᠨᠰᠦ᠋ᠷᠦᠩ︾᠂ ︽ᠳ᠋᠊· ᠰᠡᠩᠭᠡ︾ ᠵᠡᠷᠭᠡ ᠮᠣᠩᠭᠤᠯ ᠣᠯᠣᠰ ᠤᠨ | ᠵᠣᠬᠢᠶᠠᠯ ᠪᠥᠲᠦᠭᠡᠯ ᠪᠣᠯᠣᠨ ᠮᠠᠨ ᠤ ᠣᠷᠣᠨ ᠤ ᠨᠠ᠊· ᠰᠠᠶᠢᠨᠴᠣᠭᠲᠤ᠂ ᠪ᠊· ᠪᠥᠷᠢᠨᠪᠠᠬᠢ᠂ ᠴᠢᠮᠡᠳᠳᠣᠷᠵᠢ ᠨᠠᠷ ᠤᠨ | ᠵᠣᠬᠢᠶᠠᠯ ᠤᠳ ᠢ ᠬᠡᠪᠯᠡᠭᠦᠯᠬᠦ ᠠᠵᠢᠯ ᠳᠤ ᠶᠡᠭᠡ ᠵᠢᠳᠬᠦᠯ ᠦᠵᠡᠭᠦᠯᠵᠦ ᠪᠢᠯᠡ᠃ | ︽ᠰᠣᠶᠣᠯ ᠤᠨ ᠶᠡᠭᠡ ᠬᠤᠪᠢᠰᠬᠠᠯ︾ ᠤᠨ ᠳᠣᠮᠳᠠ ᠬᠠᠯᠠ ᠵᠣᠪᠠᠯᠠᠩ ᠢ ᠬᠠᠰᠢᠷᠠᠲᠠᠯ᠎ᠠ ᠠᠮᠰᠠᠵᠤ ᠠᠵᠢᠯᠯᠠᠬᠤ | ᠡᠷᠬᠡ ᠪᠠᠨ ᠬᠠᠰᠣᠭᠤᠯᠵᠠᠢ᠃ 1977 ᠣᠨ ᠳᠤ ᠠᠵᠢᠯ ᠢ ᠨᠢ ᠰᠡᠷᠭᠦᠭᠡᠵᠦ ᠥᠪᠦᠷ ᠮᠣᠩᠭᠤᠯ ᠤᠨ ᠠᠷᠠᠳ ᠤᠨ | ᠬᠡᠪᠯᠡᠯ ᠤᠨ ᠬᠤᠷᠢᠶᠠᠨ ᠤ ᠵᠥᠪᠯᠡᠭᠴᠢ ᠪᠣᠯᠪᠠ᠃ 1978 ᠣᠨ ᠳᠤ ᠥᠪᠦᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠨᠠᠮ ᠤᠨ ᠬᠤᠷᠢᠶ᠎ᠠ ᠠᠴᠠ ᠴᠠᠭᠠᠳᠬᠠᠯ ᠬᠢᠵᠦ᠂ ᠰᠣᠳᠨᠠᠮᠵᠣᠮᠴᠣᠤ ᠶᠢᠨ ᠨᠡᠷ᠎ᠡ ᠬᠦᠨᠳᠦ ᠶᠢ ᠰᠡᠷᠭᠦᠭᠡᠨ | ᠬᠡᠪᠯᠡᠯ ᠤᠨ ᠬᠤᠷᠢᠶᠠᠨ ᠤ ᠳᠡᠳ᠋ ᠳᠠᠷᠤᠭ᠎ᠠ ᠪᠠᠷ ᠠᠵᠢᠯᠯᠠᠭᠤᠯᠵᠠᠢ᠃ | ᠰᠣᠳᠨᠠᠮᠵᠣᠮᠴᠣᠤ ᠳᠠᠬᠢᠨ ᠠᠵᠢᠯᠯᠠᠵᠤ ᠡᠬᠢᠯᠡᠮᠡᠭᠴᠡ ᠡᠷᠲᠡ ᠡᠳᠦᠭᠡ ᠶᠢᠨ ᠨᠣᠮ ᠪᠢᠴᠢᠭ ᠢ ᠬᠡᠪᠯᠡᠭᠦᠯᠬᠦ ᠠᠵᠢᠯ | ᠳᠤ ᠰᠢᠮᠳᠠᠵᠤ ︽ᠪᠥᠭᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠤᠨ ᠲᠡᠦᠬᠡ︾᠂ ᠪ᠊· ᠷᠢᠨᠴᠢᠨ ᠤ ︽ | ᠮᠣᠩᠭᠤᠯ ᠬᠡᠯᠡ ᠵᠦᠢ︾᠂ ᠴᠡᠪᠡᠯ ᠤᠨ ︽ᠮᠣᠩᠭᠤᠯ ᠬᠡᠯᠡᠨ ᠤ ᠲᠠᠶᠢᠯᠪᠣᠷᠢ ᠳᠣᠪᠴᠢ ᠲᠣᠯᠢ︾᠂ ᠳᠠᠮᠳᠢᠨᠰᠦ᠋ᠷᠦᠩ | ᠤᠨ ︽ᠮᠣᠩᠭᠤᠯ ᠣᠷᠠᠨ ᠵᠣᠬᠢᠶᠠᠯ ᠤᠨ ᠳᠡᠭᠡᠵᠢ ᠵᠠᠭᠤᠨ ᠪᠢᠯᠢᠭ ᠣᠷᠣᠰᠢᠪᠠᠢ︾ ᠵᠡᠷᠭᠡ ᠮᠠᠰᠢ ᠣᠯᠠᠨ ᠪᠢᠴᠢᠭ | ᠬᠡᠪᠯᠡᠭᠦᠯᠦᠭᠰᠡᠨ ᠪᠢᠯᠡ᠃ | ᠰᠣᠳᠨᠠᠮᠵᠣᠮᠴᠣᠤ 1990 ᠣᠨ ᠳᠤ ᠳᠣᠤ ᠹᠧᠩ ᠨᠡᠷᠡᠮᠵᠢᠲᠦ ᠬᠡᠪᠯᠡᠯ ᠤᠨ ᠦᠢᠯᠡᠰ ᠤᠨ ᠲᠥᠷᠦ ᠶᠢᠨ ᠶᠡᠭᠡ | ᠱᠠᠩᠨᠠᠯ ᠬᠦᠷᠲᠡᠪᠡ᠃ ᠠᠵᠢᠯ ᠠᠴᠠ ᠪᠠᠨ ᠲᠠᠷᠬᠠᠯᠠᠨ ᠨᠠᠰᠣᠨ ᠤ ᠠᠮᠠᠷᠠᠯᠲᠠ ᠪᠠᠨ ᠠᠪᠣᠭᠰᠠᠨ ᠤ ᠳᠠᠷᠠᠭ᠎ᠠ ᠴᠦ ᠭᠡᠰᠡᠨ | ᠮᠣᠩᠭᠤᠯ ᠦᠨᠳᠦᠰᠦᠲᠡᠨ ᠤ ᠨᠣᠮ ᠬᠡᠪᠯᠡᠯ ᠤᠨ ᠦᠢᠯᠡᠰ ᠲᠤ ᠰᠠᠨᠠᠭ᠎ᠠ ᠲᠠᠯᠪᠢᠵᠦ᠂ ᠣᠷᠴᠢᠭᠤᠯᠬᠤ᠂ ᠡᠮᠬᠢᠳᠭᠡᠨ | ᠳᠢᠭᠯᠡᠬᠦ᠂ ᠬᠢᠨᠠᠵᠤ ᠰᠣᠳᠣᠯᠬᠤ ᠠᠵᠢᠯ ᠢᠶᠠᠨ ᠦᠷᠭᠦᠯᠵᠢᠯᠡᠭᠦᠯᠦᠭᠰᠡᠭᠡᠷ ᠢᠷᠡᠭᠰᠡᠨ ᠪᠠᠶᠢᠨ᠎ᠠ᠃ 1999 ᠣᠨ ᠳᠤ ︽ | ᠠᠽᠢᠶ᠎ᠠ ᠶᠢᠨ ᠨᠡᠭᠦᠳᠡᠯᠴᠢᠨ ᠦᠨᠳᠦᠰᠦᠲᠡᠨ ᠤ ᠲᠡᠦᠬᠡ︾ ᠵᠡᠷᠭᠡ ᠨᠣᠮ ᠢ ᠣᠷᠴᠢᠭᠤᠯᠣᠨ ᠬᠡᠪᠯᠡᠭᠦᠯᠪᠡ᠃ ᠲᠣᠰ ᠵᠢᠯ | ᠡᠪᠡᠳᠴᠢᠨ ᠢᠶᠠᠷ ᠨᠠᠰᠤ ᠪᠠᠷᠠᠪᠠ᠃ | ᠰᠣᠳᠨᠠᠮᠵᠣᠮᠴᠣᠤ ᠂ 1990 ᠣᠨ ᠳᠤ ︽ᠴᠠᠬᠠᠷ ᠮᠣᠩᠭᠤᠯ ︵ᠳᠣᠣᠷᠠᠳᠤ︶︾᠂ 2004 ᠣᠨ ︽ | ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾᠂ ︽ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ ︵ᠳᠣᠣᠷᠠᠳᠤ | ︶︾᠂ 2006 ᠣᠨ ᠳᠤ ︽ᠴᠠᠬᠠᠷ ᠴᠢᠭᠤᠯᠭᠠᠨ ᠤ ᠡᠷᠳᠡᠮᠰᠣᠶᠣᠯᠲᠤ ᠮᠣᠩᠭᠤᠯ ᠳᠣᠮᠳᠠᠳᠤ ᠰᠣᠷᠭᠠᠭᠤᠯᠢ︾ ᠶᠢᠨ | ᠲᠡᠦᠬᠡᠨ ᠮᠠᠲ᠋ᠧᠷᠢᠶᠠᠯ ᠵᠡᠷᠭᠡ ᠨᠣᠮ ᠳᠤ ᠲᠡᠮᠳᠡᠭᠯᠡᠭᠳᠡᠵᠡᠢ᠃ | ︽ᠰᠢᠯᠣᠭᠤᠨ ᠬᠥᠬᠡ ᠬᠤᠰᠢᠭᠤᠨ ᠤ ᠴᠣᠣᠳᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃ | | |