ᠷᠠᠰᠢᠪᠠᠯᠵᠣᠣᠷ
ᠨᠡᠶᠢᠲᠡᠯᠡᠭᠰᠡᠨ ᠴᠠᠭ᠄
2020/4/9
     ᠷᠠᠰᠢᠪᠠᠯᠵᠣᠣᠷ ︵1915~ 1997 ᠣᠨ︶᠂ 1915 ᠣᠨ ᠳᠤ ᠣᠣᠯ ᠤᠨ ᠮᠢᠩᠭᠠᠨ ᠮᠠᠯᠵᠢᠯ ᠤᠨ ᠲᠠᠯᠠᠪᠠᠢ ᠶᠢᠨ ᠰᠢᠯᠣᠭᠤᠨ ᠴᠠᠭᠠᠨ ᠬᠤᠨᠢᠨ ᠰᠦᠷᠦᠭ ᠤᠨ ᠨᠠᠢᠮᠠᠳᠣᠭᠠᠷ ᠰᠣᠮᠣᠨ ᠤ ᠮᠠᠯᠴᠢᠨ ᠪᠠᠭᠠᠲᠣᠷᠮᠠᠩᠯᠠᠢ ᠶᠢᠨ ᠭᠠᠭᠴᠠ ᠬᠥᠪᠡᠭᠦᠨ ᠨᠢ ᠪᠣᠯᠣᠨ ᠵᠠᠶᠠᠭᠠᠵᠠᠢ᠃     1927 ᠣᠨ ᠳᠤ ᠡᠷᠬᠡᠮᠵᠠᠶᠠᠭ᠎ᠠ ᠠᠮᠪᠠᠨ ᠵᠠᠬᠢᠷᠣᠯ ᠤᠨ ᠮᠢᠩᠭᠠᠨ ᠮᠠᠯᠵᠢᠯ ᠤᠨ ᠲᠠᠯᠠᠪᠠᠢ ᠶᠢᠨ ᠬᠠᠳᠠᠨᠬᠤᠰᠢᠭᠤ ᠰᠦᠮ᠎ᠡ ᠳᠤ᠂ ᠣᠯᠣᠰ ᠤᠨ ᠪᠠᠭ᠎ᠠ ᠰᠣᠷᠭᠠᠭᠤᠯᠢ ᠳᠤ ᠮᠣᠩᠭᠤᠯ᠂ ᠬᠢᠲᠠᠳ ᠬᠡᠯᠡ ᠰᠣᠷᠴᠠᠢ᠃     1931 ᠣᠨ ᠳᠤ ᠰᠢᠯᠢᠳᠡᠭ ᠰᠣᠷᠣᠯᠭ᠎ᠠ ᠶᠢᠨ ᠪᠦᠲᠦᠮᠵᠢ ᠪᠠᠷ ᠴᠠᠬᠠᠷ ᠮᠣᠵᠢ ᠶᠢᠨ ᠴᠢᠭᠤᠯᠣᠯᠲᠤ ᠬᠠᠭᠠᠯᠭ᠎ᠠ ᠨᠢᠭᠡᠳᠦᠭᠡᠷ ᠪᠠᠭᠰᠢ ᠶᠢᠨ ᠰᠣᠷᠭᠠᠭᠤᠯᠢ ᠳᠤ ᠰᠢᠯᠭᠠᠭᠳᠠᠨ ᠣᠷᠣᠵᠤ ᠲᠡᠨᠳᠡ ᠪᠠᠨ ᠦᠷᠭᠦᠯᠵᠢᠯᠡᠨ ᠰᠣᠷᠣᠯᠴᠠᠪᠠ᠃     1933 ᠣᠨ ᠳᠤ ᠲᠡᠭᠦᠰᠦᠭᠰᠡᠨ ᠤ ᠳᠠᠷᠠᠭ᠎ᠠ ᠨᠣᠲᠤᠭ ᠲᠠᠭᠠᠨ ᠬᠠᠷᠢᠵᠤ ᠮᠢᠩᠭᠠᠨ ᠮᠠᠯᠵᠢᠯ ᠤᠨ ᠲᠠᠯᠠᠪᠠᠢ᠂ ᠰᠢᠯᠣᠭᠤᠨ ᠴᠠᠭᠠᠨ ᠬᠤᠨᠢᠨ ᠰᠦᠷᠦᠭ ᠤᠨ ᠶᠢᠰᠦᠳᠦᠭᠡᠷ ᠰᠣᠮᠣᠨ ᠤ ᠳᠣᠰᠠᠯᠠᠭᠴᠢ ᠪᠢᠴᠢᠭᠡᠴᠢ ᠶᠢᠨ ᠠᠵᠢᠯ ᠬᠢᠵᠠᠢ᠃    1938 ᠣᠨ ᠤ 12 ᠰᠠᠷ᠎ᠠ ᠳᠤ ᠴᠢᠩ ᠣᠯᠣᠰ ᠤᠨ ᠰᠢᠨ ᠠᠨ ᠮᠣᠵᠢ ᠶᠢᠨ ᠸᠠᠩ ᠤᠨ ᠰᠦᠮ᠎ᠡ ᠳᠤ ︵ᠣᠳᠤ ᠶᠢᠨ ᠣᠯᠠᠭᠠᠨᠬᠤᠲᠠ︶ ᠵᠢᠷᠭᠤᠳᠣᠭᠠᠷ ᠬᠤᠭᠤᠴᠠᠭᠠᠨ ᠤ ᠴᠡᠷᠢᠭ ᠤᠨ ᠨᠣᠶᠠᠳ ᠤᠨ ᠰᠣᠷᠭᠠᠭᠤᠯᠢ ᠳᠤ ᠣᠴᠢᠵᠤ ᠴᠡᠷᠢᠭ ᠤᠨ ᠶᠠᠪᠣᠳᠠᠯ ᠤᠨ ᠳᠣᠰᠬᠠᠢ ᠰᠠᠯᠪᠣᠷᠢ ᠳᠤ ᠣᠷᠣᠵᠤ ᠰᠣᠷᠣᠯᠴᠠᠵᠠᠢ᠃    1942 ᠣᠨ ᠤ 12 ᠰᠠᠷ᠎ᠠ ᠳᠤ ᠲᠣᠰ ᠴᠡᠷᠢᠭ ᠤᠨ ᠨᠣᠶᠠᠳ ᠤᠨ ᠰᠣᠷᠭᠠᠭᠤᠯᠢ ᠠᠴᠠ ᠲᠡᠭᠦᠰᠴᠦ᠂ ᠴᠡᠷᠢᠭ ᠲᠦᠷᠦᠭᠦᠴᠢ ᠶᠢᠨ ᠴᠣᠯᠠ ᠣᠯᠵᠠᠢ᠃    1943 ᠣᠨ ᠤ 2 ᠰᠠᠷ᠎ᠠ ᠳᠤ ᠺᠠᠩ ᠪᠣᠤ ᠰᠢᠶᠠᠨ ᠳᠤ ᠬᠤᠪᠢᠶᠠᠭᠳᠠᠨ᠂ ᠮᠢᠩᠭᠠᠨ ᠬᠤᠰᠢᠭᠤᠨ ᠤ ᠠᠮᠣᠷ ᠢ ᠬᠠᠮᠠᠭᠠᠯᠠᠬᠤ ᠠᠩᠭᠢ ᠶᠢᠨ ᠵᠣᠬᠢᠶᠠᠨ ᠪᠠᠶᠢᠭᠤᠯᠣᠭᠰᠠᠨ ᠮᠣᠩᠭᠤᠯ ᠴᠡᠷᠢᠭ ᠤᠨ ᠬᠤᠶᠠᠳᠣᠭᠠᠷ ᠰᠠᠬᠢᠨ ᠬᠠᠮᠠᠭᠠᠯᠠᠬᠤ ᠳ᠋ᠢᠸᠢᠽᠢ ᠶᠢᠨ ᠬᠠᠷᠢᠶ᠎ᠠ ᠬᠤᠷᠢᠶ᠎ᠠ ᠶᠢᠨ ᠮᠣᠷᠢᠲᠤ ᠴᠡᠷᠢᠭ ᠤᠨ ᠰᠣᠮᠣᠨ ᠳᠠᠷᠤᠭ᠎ᠠ ᠪᠣᠯᠵᠤ᠂ ᠳᠣᠰᠠᠯᠠᠭᠴᠢ ᠴᠣᠯᠠ ᠳᠤ ᠳᠡᠪᠰᠢᠭᠳᠡᠵᠡᠢ᠃    1944 ᠣᠨ ᠤ 9 ᠰᠠᠷ᠎ᠠ ᠳᠤ ᠮᠣᠩᠭᠤᠯ ᠴᠡᠷᠢᠭ ᠤᠨ ᠰᠧᠯᠢᠩᠪᠦ᠋ ᠶᠢᠨ ᠵᠠᠷᠯᠢᠭ ᠢᠶᠠᠷ᠂ ᠴᠠᠬᠠᠷ ᠮᠣᠷᠢᠲᠤ ᠴᠡᠷᠢᠭ ᠤᠨ ᠬᠤᠶᠠᠳᠣᠭᠠᠷ ᠳ᠋ᠢᠸᠢᠽᠢ ᠶᠢᠨ ᠬᠠᠷᠢᠶ᠎ᠠ ᠬᠤᠷᠢᠶ᠎ᠠ ᠶᠢᠨ ᠺᠠᠩ ᠪᠣᠤ ᠰᠢᠶᠠᠨ ᠢ ᠬᠠᠮᠠᠭᠠᠯᠠᠬᠤ ᠡᠭᠦᠷᠭᠡ ᠪᠠᠨ ᠲᠣᠰ ᠰᠢᠶᠠᠨ ᠤ ᠶᠡᠭᠡ ᠠᠩᠭᠢ ᠳᠤ ᠳᠣᠰᠢᠶᠠᠵᠤ᠂ ᠷᠠᠰᠢᠪᠠᠯᠵᠣᠣᠷ ᠲᠣᠰ ᠬᠤᠷᠢᠶ᠎ᠠ ᠪᠠᠨ ᠳᠠᠭᠠᠵᠤ ᠺᠡᠩ ᠪᠣᠤ ᠰᠢᠶᠠᠨ  ᠠᠴᠠ ᠣᠬᠤᠷᠢᠨ ᠭᠠᠷᠣᠭᠰᠠᠨ ᠤ ᠳᠠᠷᠠᠭ᠎ᠠ᠂ ᠵᠠᠩᠪᠸᠢ ᠰᠢᠶᠠᠨ ᠳᠤ ᠣᠴᠢᠵᠤ ᠰᠠᠬᠢᠨ ᠬᠠᠮᠠᠭᠠᠯᠠᠬᠤ ᠠᠵᠢᠯ ᠬᠢᠵᠡᠢ᠃     1945 ᠣᠨ ᠤ 8 ᠰᠠᠷ᠎ᠠ ᠶᠢᠨ 9 ᠪᠣᠯ ᠵᠥᠪᠯᠡᠯᠲᠦ ᠮᠣᠩᠭᠤᠯ ᠤᠨ ᠬᠤᠯᠪᠣᠭᠠᠲᠤ ᠴᠡᠷᠢᠭ ᠤᠨ ᠳᠠᠶᠢᠨ ᠵᠠᠷᠯᠠᠬᠤ ᠡᠳᠦᠷ ᠪᠣᠯᠣᠨ᠎ᠠ᠂ 10 ᠤ ᠡᠳᠦᠷ ᠤᠨ ︽0︾ ᠴᠠᠭ ᠲᠤ ᠬᠤᠲᠠ ᠠᠴᠠ ᠡᠬᠢᠯᠡᠨ ᠳᠣᠪᠲᠣᠯᠣᠨ ᠴᠢᠭᠤᠯᠣᠯᠲᠤ ᠬᠠᠭᠠᠯᠭ᠎ᠠ ᠳᠤ ᠣᠷᠣᠭᠰᠠᠨ ᠶᠣᠮ᠃ ᠪᠣᠴᠠᠭᠠᠳ ᠲᠡᠳᠡ ᠮᠢᠩᠭᠠᠨ ᠬᠤᠰᠢᠭᠤᠨ ᠳᠠᠭᠠᠨ ᠬᠦᠷᠦᠭᠡᠳ ᠪᠥᠬᠦ ᠳ᠋ᠢᠸᠢᠽᠢ ᠶᠢᠨ ᠵᠡᠪᠰᠡᠭᠲᠦ ᠪᠣᠰᠣᠯᠭ᠎ᠠ ᠭᠠᠷᠭᠠᠨ ᠴᠢᠯᠦᠭᠡᠯᠡᠯᠲᠡ ᠶᠢ ᠣᠭᠲᠣᠪᠠ᠃ ᠲᠣᠰ ᠵᠢᠯ ᠤᠨ 9 ᠰᠠᠷ᠎ᠠ ᠳᠤ ᠂ ᠵᠥᠪᠯᠡᠯᠲᠦ ᠮᠣᠩᠭᠤᠯ ᠤᠨ ᠬᠤᠯᠪᠣᠭᠠᠲᠤ ᠴᠡᠷᠢᠭ ᠤᠨ ᠳᠣᠯᠣᠨᠨᠠᠭᠤᠷ ᠤᠨ ᠬᠤᠷᠠᠯᠳᠣᠭᠠᠨ ᠢᠶᠠᠷ ᠳᠠᠮᠵᠢᠵᠤ᠂ ᠴᠠᠬᠠᠷ ᠠᠶᠢᠮᠠᠭ ᠤᠨ ᠡᠯ᠎ᠡ ᠬᠤᠰᠢᠭᠤ ᠰᠢᠶᠠᠨ ᠪᠣᠯᠣᠨ ᠰᠣᠮᠤ ︵ᠳᠣᠰᠬᠤᠨ ᠪᠠᠯᠭᠠᠰᠤ︶ ᠶᠢᠨ ᠲᠦᠷ ᠴᠠᠭ ᠤᠨ ᠵᠠᠰᠠᠭ ᠤᠨ ᠣᠷᠳᠣᠨ ᠢ ᠪᠠᠶᠢᠭᠤᠯᠬᠤ ᠳᠤ ᠷᠠᠰᠢᠪᠠᠯᠵᠣᠣᠷ ᠢ ᠮᠢᠩᠭᠠᠨ ᠬᠤᠰᠢᠭᠤᠨ ᠤ ᠶᠢᠰᠦᠳᠦᠭᠡᠷ ᠰᠣᠮᠣᠨ ᠤ ᠳᠣᠰᠠᠯᠠᠭᠴᠢ ᠪᠠᠷ ᠲᠣᠮᠢᠯᠠᠪᠠ᠃ 12 ᠰᠠᠷ᠎ᠠ ᠳᠤ ᠠᠷᠠᠳ ᠤᠨ ᠠᠷᠠᠳᠴᠢᠯᠠᠯᠲᠤ ᠵᠠᠰᠠᠭ ᠢ ᠪᠠᠶᠢᠭᠤᠯᠬᠤ ᠳᠤ ᠦᠷᠭᠦᠯᠵᠢᠯᠡᠨ ᠮᠢᠩᠭᠠᠨ ᠬᠤᠰᠢᠭᠤᠨ ᠤ ᠶᠢᠰᠦᠳᠦᠭᠡᠷ ᠰᠣᠮᠣᠨ ᠤ ᠰᠣᠮᠣᠨ ᠳᠠᠷᠤᠭ᠎ᠠ ᠪᠠᠷ ᠰᠣᠩᠭᠤᠭᠳᠠᠵᠠᠢ᠃     1946 ᠣᠨ ᠤ 2 ᠰᠠᠷ᠎ᠠ ᠳᠤ ᠮᠢᠩᠭᠠᠨ ᠬᠤᠰᠢᠭᠤᠨ ᠤ ᠲᠥᠯᠦᠭᠡᠯᠡᠭᠴᠢ ᠶᠢᠨ ᠶᠡᠭᠡ ᠬᠤᠷᠠᠯ ᠢᠶᠠᠷ ᠳᠠᠮᠵᠢᠨ ᠷᠠᠰᠢᠪᠠᠯᠵᠣᠣᠷ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠤᠯᠪᠣᠭᠠᠲᠤ ᠬᠤᠷᠠᠯ ᠤᠨ ᠮᠢᠩᠭᠠᠨ ᠬᠤᠰᠢᠭᠤᠨ ᠤ ᠨᠠᠢᠮᠠᠳᠣᠭᠠᠷ ᠰᠣᠮᠣᠨ ᠤ ᠵᠥᠪᠯᠡᠯ ᠤᠨ ᠡᠷᠬᠢᠯᠡᠭᠴᠢ ᠪᠠᠷ ᠰᠣᠩᠭᠤᠭᠳᠠᠪᠠ᠃ ᠮᠢᠩᠭᠠᠨ ᠬᠤᠰᠢᠭᠤᠨ ᠤ ᠣᠷᠣᠨ ᠨᠣᠲᠤᠭ ᠢᠶᠠᠨ ᠬᠠᠮᠠᠭᠠᠯᠠᠬᠤ ᠴᠡᠷᠢᠭ ᠠᠩᠭᠢ ᠪᠠᠨ ᠮᠣᠷᠢᠲᠤ ᠴᠡᠷᠢᠭ ᠤᠨ 16 ᠳ᠋ᠣᠭᠠᠷ ᠳ᠋ᠢᠸᠢᠽᠢ ᠶᠢᠨ ᠨᠢᠭᠡ ᠬᠤᠷᠢᠶ᠎ᠠ ᠪᠣᠯᠭᠠᠨ ᠥᠷᠭᠡᠳᠭᠡᠨ ᠪᠠᠶᠢᠭᠤᠯᠵᠤ᠂ ᠳᠣᠣᠷ᠎ᠠ ᠨᠢ ᠭᠤᠷᠪᠠᠨ ᠰᠣᠮᠣ ᠪᠣᠯᠭᠠᠵᠤ 80 ᠳ᠋ᠣᠭᠠᠷ ᠬᠤᠷᠢᠶ᠎ᠠ ᠭᠡᠵᠦ ᠨᠡᠷᠡᠶᠢᠳᠴᠡᠢ᠃ ᠷᠠᠰᠢᠪᠠᠯᠵᠣᠣᠷ ᠵᠥᠪᠳᠡᠭᠴᠢ ᠶᠢᠨ ᠳᠠᠷᠤᠭ᠎ᠠ ᠪᠣᠯᠵᠠᠢ᠃ ᠷᠠᠰᠢᠪᠠᠯᠵᠣᠣᠷ ᠬᠠᠪᠢᠷᠭ᠎ᠠ ᠶᠢᠨ ᠪᠠᠶᠢᠯᠳᠣᠭᠠᠨ᠂ ᠪᠣᠱᠣᠣᠳᠠᠢ ᠶᠢᠨ ᠪᠠᠶᠢᠯᠳᠣᠭᠠᠨ᠂ ᠠᠷᠣ ᠬᠥᠪ ᠤᠨ ᠪᠠᠶᠢᠯᠳᠣᠭᠠᠨ᠂ ᠳᠣᠶ᠋ᠢᠩ ᠬᠠᠶᠢᠷᠬᠠᠨ ᠤ ᠪᠠᠶᠢᠯᠳᠣᠭᠠᠨ᠂ ᠰᠠᠶᠢᠬᠠᠨᠨᠠᠭᠤᠷ ᠤᠨ ᠪᠠᠶᠢᠯᠳᠣᠭᠠᠨ᠂ ᠬᠠᠶᠢᠷᠬᠠᠨ ᠡᠩᠭᠡᠷ ᠤᠨ ᠪᠠᠶᠢᠯᠳᠣᠭᠠᠨ᠂ ᠬᠤᠯᠣᠰᠣᠲᠠᠢ ᠶᠢᠨ ᠪᠠᠶᠢᠯᠳᠣᠭᠠᠨ᠂ ᠢᠩᠭᠢ ᠶᠢᠨ ᠣᠯᠠᠭᠠᠨ ᠤ ᠪᠠᠶᠢᠯᠳᠣᠭᠠᠨ᠂ ᠦᠬᠡᠷᠴᠢᠨ ᠣᠪᠣᠭᠠᠨ ᠤ ᠪᠠᠶᠢᠯᠳᠣᠭᠠᠨ ᠂ ᠳᠣᠮᠳᠠᠬᠤᠲᠠ ᠶᠢᠨ ᠪᠠᠶᠢᠯᠳᠣᠭᠠᠨ᠂ ᠲᠣᠭᠤᠷᠴᠤᠭ ᠤᠨ ᠪᠠᠶᠢᠯᠳᠣᠭᠠᠨ᠂ ᠳᠣᠭᠤᠭᠠᠲᠤ ᠰᠦᠮ᠎ᠡ ᠶᠢᠨ ᠪᠠᠶᠢᠯᠳᠣᠭᠠᠨ᠂ ᠲᠡᠮᠡᠭᠡᠲᠦ ᠬᠠᠶᠢᠷᠬᠠᠨ ᠤ ᠪᠠᠶᠢᠯᠳᠣᠭᠠᠨ᠂ ᠬᠠᠳᠠᠨᠬᠤᠰᠢᠭᠤ ᠰᠦᠮ᠎ᠡ ᠶᠢᠨ ᠪᠠᠶᠢᠯᠳᠣᠭᠠᠨ᠂ ᠪᠠᠭ᠎ᠠ ᠡᠷᠢᠶᠡᠨ ᠤ ᠪᠠᠶᠢᠯᠳᠣᠭᠠᠨ᠂ ᠪᠦᠷᠢᠶᠡᠳ ᠤᠨ ᠷᠢᠨᠴᠢᠨᠳᠣᠷᠵᠢ ᠶᠢᠨ ᠳᠡᠭᠡᠷᠡᠮ ᠢ ᠣᠰᠳᠬᠠᠬᠤ ᠪᠠᠶᠢᠯᠳᠣᠭᠠᠨ᠂ ᠲᠣᠯᠢ ᠶᠢᠨ ᠭᠤᠣᠯ  ᠤᠨ ᠪᠠᠶᠢᠯᠳᠣᠭᠠᠨ᠂ ᠴᠠᠭᠠᠨ ᠠᠭᠤᠯᠠ ᠶᠢᠨ ᠪᠠᠶᠢᠯᠳᠣᠭᠠᠨ ᠵᠡᠷᠭᠡ ᠶᠡᠭᠡ᠂ ᠪᠠᠭ᠎ᠠ ᠳᠦᠴᠢᠨ ᠬᠡᠳᠦ ᠣᠳᠠᠭᠠᠨ ᠤ ᠰᠢᠷᠦᠭᠦᠨ ᠪᠠᠶᠢᠯᠳᠣᠭᠠᠨ ᠳᠤ ᠣᠷᠣᠯᠴᠠᠵᠠᠢ᠃      1947 ᠣᠨ ᠤ 9 ᠳ᠋ᠤᠭᠡᠷ ᠰᠠᠷ᠎ᠠ ᠳᠤ ᠮᠢᠩᠭᠠᠨ ᠬᠤᠰᠢᠭᠤᠨ ᠤ 80 ᠳ᠋ᠣᠭᠠᠷ ᠬᠤᠷᠢᠶ᠎ᠠ ᠶᠢ ᠵᠢᠩᠬᠢᠨᠢ ᠪᠠᠷ ᠥᠪᠦᠷ ᠮᠣᠩᠭᠤᠯ ᠤᠨ ᠮᠣᠷᠢᠲᠤ ᠴᠡᠷᠢᠭ ᠤᠨ 16 ᠳ᠋ᠣᠭᠠᠷ ᠳ᠋ᠢᠸᠢᠽᠢ ᠶᠢᠨ ᠲᠠᠪᠣᠳᠣᠭᠠᠷ ᠬᠤᠷᠢᠶ᠎ᠠ ᠪᠣᠯᠭᠠᠨ ᠪᠠᠶᠢᠭᠤᠯᠵᠠᠢ᠃     1948 ᠣᠨ ᠳᠤ ᠷᠠᠰᠢᠪᠠᠯᠵᠣᠣᠷ ᠭᠤᠤ ᠱᠠᠨ ᠫᠦ᠋ ᠶᠢᠨ ᠪᠠᠶᠢᠯᠳᠣᠭᠠᠨ᠂ ᠬᠠᠷ᠎ᠠ ᠮᠣᠳᠣᠨ ᠤ ᠪᠠᠶᠢᠯᠳᠣᠭᠠᠨ᠂ ᠭᠤᠷᠪᠠᠨ ᠬᠤᠳᠳᠤᠭ ᠤᠨ ᠪᠠᠶᠢᠯᠳᠣᠭᠠᠨ ᠵᠡᠷᠭᠡ ᠳᠤ ᠣᠷᠣᠯᠴᠠᠨ᠂ ᠪᠠᠰᠠ ᠳᠣᠯᠣᠨᠨᠠᠭᠤᠷ ᠢ ᠴᠢᠯᠦᠭᠡᠯᠡᠬᠦ ᠪᠠᠶᠢᠯᠳᠣᠭᠠᠨ᠂ ᠫᠢᠩ ᠳ᠋ᠢᠩ ᠪᠣᠤ ᠶᠢᠨ ᠪᠠᠶᠢᠯᠳᠣᠭᠠᠨ᠂ ᠬᠤᠶᠠᠷ ᠣᠳᠠᠭ᠎ᠠ ᠶᠢᠨ ᠪᠣᠣᠴᠠᠩ ᠤᠨ ᠪᠠᠶᠢᠯᠳᠣᠭᠠᠨ᠂ ᠺᠠᠩ ᠪᠣᠤ ᠰᠢᠶᠠᠨ ᠤ ᠪᠠᠶᠢᠯᠳᠣᠭᠠᠨ ᠳᠤ ᠲᠣᠰ ᠲᠣᠰ ᠣᠷᠣᠵᠤ᠂ ᠱᠠᠩᠳᠤ᠂ ᠬᠤᠸᠠ ᠳ᠋ᠧ ᠶᠢ ᠴᠢᠯᠦᠭᠡᠯᠡᠬᠦ ᠳᠤ ᠪᠠᠰᠠ ᠣᠷᠣᠯᠴᠠᠵᠠᠢ᠃      1949 ᠣᠨ ᠤ 2 ᠰᠠᠷ᠎ᠠ ᠳᠤ᠂ ᠷᠠᠰᠢᠪᠠᠯᠵᠣᠣᠷ ᠵᠠᠷᠯᠢᠭ ᠳᠣᠰᠣᠨ ᠠᠪᠴᠤ᠂ ᠴᠡᠷᠢᠭ ᠳᠠᠶᠢᠴᠢᠯᠠᠨ ᠪᠠᠷᠠᠭᠤᠨ ᠭᠤᠣᠯ ᠤᠨ ᠪᠠᠶᠢᠯᠳᠣᠭᠠᠨ᠂ ᠳᠦᠷᠪᠡᠳ ᠬᠤᠰᠢᠭᠤᠨ ᠤ ᠣᠯᠠᠭᠠᠨ ᠬᠤᠸᠠ ᠶᠢᠨ ᠪᠠᠶᠢᠯᠳᠣᠭᠠᠨ᠂ ᠡᠯ ᠹᠧᠩ ᠽᠢ ᠶᠢᠨ ᠪᠠᠶᠢᠯᠳᠣᠭᠠᠨ᠂ ᠵᠢᠷᠦᠬᠡ ᠶᠢᠨ ᠰᠦᠮ᠎ᠡ ᠶᠢᠨ ᠪᠠᠶᠢᠯᠳᠣᠭᠠᠨ ᠵᠡᠷᠭᠡ ᠳᠤ 15 ᠡᠳᠦᠷ ᠶᠠᠪᠣᠵᠤ᠂ ᠢᠯᠠᠯᠲᠠ  ᠲᠠᠢ ᠪᠠᠷ ᠰᠦᠢ ᠪᠸᠢ ᠶᠢ ᠴᠢᠯᠦᠭᠡᠯᠡᠬᠦ ᠡᠭᠦᠷᠭᠡ ᠪᠠᠨ ᠪᠡᠶᠡᠯᠡᠭᠦᠯᠵᠡᠢ᠃ᠷᠠᠰᠢᠪᠠᠯᠵᠣᠣᠷ ᠵᠥᠪᠳᠡᠭᠴᠢ ᠳᠠᠷᠤᠭ᠎ᠠ ᠪᠣᠯᠣᠨ ᠲᠡᠭᠦᠨ ᠤ ᠮᠣᠷᠢᠲᠤ ᠴᠡᠷᠢᠭ ᠤᠨ 5 ᠳ᠋ᠣᠭᠠᠷ ᠳ᠋ᠢᠸᠢᠽᠢ ᠶᠢᠨ 14 ᠳ᠋ᠣᠭᠠᠷ ᠬᠤᠷᠢᠶ᠎ᠠ ᠨᠢ 1946 ᠣᠨ ᠤ 8 ᠰᠠᠷ᠎ᠠ ᠠᠴᠠ ᠡᠬᠢᠯᠡᠵᠦ᠂ 1952 ᠣᠨ ᠤ 6 ᠰᠠᠷ᠎ᠠ ᠬᠦᠷᠲᠡᠯ᠎ᠡ ᠨᠡᠶᠢᠲᠡ 180 ᠣᠳᠠᠭᠠᠨ ᠤ ᠰᠢᠷᠦᠭᠦᠨ ᠪᠠᠶᠢᠯᠳᠣᠭᠠᠨ ᠳᠤ ᠣᠷᠣᠯᠴᠠᠨ᠂ ᠠᠷᠠᠳ ᠲᠥᠮᠡᠨ ᠤ ᠴᠢᠯᠦᠭᠡᠯᠡᠯᠲᠡ ᠶᠢᠨ ᠦᠢᠯᠡᠰ  ᠲᠤ ᠶᠡᠬᠡᠭᠡᠨ ᠭᠠᠪᠢᠶ᠎ᠠ ᠵᠢᠳᠬᠦᠯ ᠬᠤᠪᠢ ᠨᠡᠮᠡᠷᠢ ᠪᠠᠨ ᠡᠷᠭᠦᠭᠰᠡᠨ ᠶᠣᠮ᠃1953 ᠣᠨ ᠳᠤ ᠷᠠᠰᠢᠪᠠᠯᠵᠣᠣᠷ ᠵᠥᠪᠳᠡᠭᠴᠢ ᠶᠢᠨ ᠳᠠᠷᠤᠭ᠎ᠠ᠂ ᠴᠡᠷᠢᠭ ᠠᠴᠠ ᠬᠠᠯᠠᠭᠳᠠᠨ᠂ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠳᠡᠳ᠋ ᠨᠠᠷᠢᠨ ᠪᠢᠴᠢᠭ ᠤᠨ ᠳᠠᠷᠤᠭ᠎ᠠ ᠶᠢᠨ ᠳᠣᠰᠢᠶᠠᠯ ᠢ ᠬᠠᠷᠢᠭᠤᠴᠠᠵᠠᠢ᠃     1954 ᠣᠨ ᠳᠤ ᠷᠠᠰᠢᠪᠠᠯᠵᠣᠣᠷ ᠰᠢᠯᠢ ᠶᠢᠨ ᠭᠤᠣᠯ ᠠᠶᠢᠮᠠᠭ ᠤᠨ ᠠᠪᠠᠭ᠎ᠠ ᠬᠤᠰᠢᠭᠤᠨ ᠤ ᠬᠤᠰᠢᠭᠤ ᠳᠠᠷᠤᠭ᠎ᠠ᠂ ᠰᠢᠯᠢ ᠶᠢᠨ ᠭᠤᠣᠯ ᠠᠶᠢᠮᠠᠭ ᠤᠨ ᠪᠡᠶ᠎ᠡ ᠲᠠᠮᠢᠷ ᠤᠨ ᠵᠥᠪᠯᠡᠯ ᠤᠨ ᠡᠷᠬᠢᠯᠡᠭᠴᠢ ᠶᠢᠨ ᠳᠣᠰᠢᠶᠠᠯ ᠢ ᠬᠠᠷᠢᠭᠤᠴᠠᠵᠠᠢ᠃     1962 ᠣᠨ ᠤ 10 ᠳ᠋ᠣᠭᠠᠷ ᠰᠠᠷ᠎ᠠ ᠳᠤ᠂ ᠰᠢᠯᠣᠭᠤᠨ ᠬᠥᠬᠡ ᠬᠤᠰᠢᠭᠤᠨ ᠤ ᠠᠷᠠᠳ ᠤᠨ ᠲᠥᠯᠦᠭᠡᠯᠡᠭᠴᠢᠳ ᠤᠨ ᠳᠥᠷᠪᠡᠳᠦᠭᠡᠷ ᠣᠳᠠᠭᠠᠨ ᠤ ᠬᠤᠷᠠᠯ ᠳᠡᠭᠡᠷ᠎ᠡ ᠷᠠᠰᠢᠪᠠᠯᠵᠣᠣᠷ ᠬᠤᠰᠢᠭᠤ ᠨᠠᠮ ᠤᠨ ᠬᠤᠷᠢᠶᠠᠨ  ᠤ ᠪᠠᠶᠢᠩᠭᠤ ᠶᠢᠨ ᠭᠡᠰᠢᠭᠦᠨ᠂ ᠬᠤᠰᠢᠭᠤ ᠳᠠᠷᠤᠭ᠎ᠠ ᠶᠢᠨ ᠳᠣᠰᠢᠶᠠᠯ ᠢ ᠬᠠᠷᠢᠭᠤᠴᠠᠵᠤ ᠪᠠᠶᠢᠪᠠ᠃     1963~ 1966 ᠣᠨ ᠬᠦᠷᠲᠡᠯ᠎ᠡ ᠰᠢᠯᠣᠭᠤᠨ ᠬᠥᠬᠡ ᠬᠤᠰᠢᠭᠤᠨ ᠤ ᠨᠠᠮ ᠤᠨ ᠬᠤᠷᠢᠶᠠᠨ ᠤ ᠱᠦᠵᠢ᠂ ᠬᠤᠰᠢᠭᠤ ᠳᠠᠷᠤᠭ᠎ᠠ ᠶᠢ ᠳᠠᠪᠬᠤᠷᠯᠠᠨ ᠬᠠᠷᠢᠭᠤᠴᠠᠵᠠᠢ᠃     1966 ᠣᠨ ᠤ 9 ᠰᠠᠷ᠎ᠠ ᠳᠤ᠂ ︽ᠰᠣᠶᠣᠯ ᠤᠨ ᠶᠡᠭᠡ ᠬᠤᠪᠢᠰᠬᠠᠯ︾ ᠡᠬᠢᠯᠡᠵᠦ ᠷᠠᠰᠢᠪᠠᠯᠵᠣᠣᠷ ︽ᠣᠯᠠᠭᠠᠨᠬᠦᠦ ᠶᠢᠨ ᠬᠠᠷ᠎ᠠ ᠪᠦᠯᠦᠭ ᠤᠨ ᠬᠦᠮᠦᠰ︾᠂ ︽ᠬᠥᠷᠦᠩᠭᠡᠲᠡᠨ ᠶᠣᠰᠣᠨ ᠤ ᠵᠠᠮ ᠢᠶᠠᠷ ᠶᠠᠪᠣᠭᠴᠢ᠂᠂ ᠡᠷᠬᠡ ᠪᠠᠷᠢᠭᠴᠢ︾᠂ ︽ᠨᠠᠮ ᠢ ᠡᠰᠡᠷᠭᠦᠴᠡᠭᠴᠢ ᠡᠲᠡᠭᠡᠳ︾ ᠵᠡᠷᠭᠡ ᠶᠠᠯᠠᠲᠤ ᠨᠡᠷ᠎ᠡ ᠵᠡᠭᠦᠯᠭᠡᠨ ᠴᠢᠷᠴᠦ ︽ᠦᠬᠡᠷ ᠤᠨ ᠫᠧᠩ︾ ᠳᠤ ᠬᠤᠷᠢᠵᠠᠢ᠃     1968 ᠣᠨ ᠤ 7 ᠰᠠᠷ᠎ᠠ ᠳᠤ ︽ᠰᠣᠺᠠᠷ᠂ ᠷᠠᠰᠢᠪᠠᠯᠵᠣᠣᠷ᠂ ᠰᠣᠳᠣᠰᠡᠴᠡᠨ ᠤ ᠨᠠᠮ ᠠᠴᠠ ᠣᠷᠪᠠᠭ᠋ᠤ ᠪᠥᠯᠦᠭ︾ ᠤᠨ ᠬᠢ ᠬᠡᠮᠡᠨ ᠶᠠᠯᠠᠲᠤ ᠨᠡᠷ᠎ᠡ ᠵᠡᠭᠦᠯᠭᠡᠵᠦ᠂ ᠬᠠᠷ᠎ᠠ ᠭᠡᠷ ᠲᠤ ᠬᠤᠷᠢᠭᠳᠠᠵᠠᠢ᠃ ᠨᠡᠶᠢᠲᠡ 2522 ᠡᠳᠦᠷ ᠬᠤᠨᠤᠭ ᠤᠨ ᠬᠠᠷᠠᠩᠭᠤᠢ ᠣᠷᠴᠢᠨ ᠳᠤ ᠬᠦᠨᠳᠦ ᠡᠷᠡᠭᠦᠳᠡᠭᠳᠡᠨ ᠲᠠᠮᠣᠯᠠᠭᠳᠠᠵᠠᠢ᠃ ︽ᠪᠢ— ᠦᠨᠡᠬᠡᠷ ᠳᠣᠮᠳᠠᠳᠤ ᠣᠯᠣᠰ ᠤᠨ ᠡᠪ ᠬᠠᠮᠲᠤ ᠨᠠᠮ ᠤᠨ ᠭᠡᠰᠢᠭᠦᠨ᠂ ᠥᠪᠦᠷ ᠠᠷᠠᠳ ᠤᠨ ᠨᠠᠮ ᠪᠢᠰᠢ᠂ ᠰᠢᠯᠣᠭᠤᠨ ᠬᠥᠬᠡ ᠬᠤᠰᠢᠭᠤᠨ  ᠳᠤ ᠨᠢᠭᠡ ᠴᠦ ᠥᠪᠦᠷ ᠠᠷᠠᠳ ᠤᠨ ᠨᠠᠮ ᠤᠨ ᠭᠡᠰᠢᠭᠦᠨ ᠪᠠᠶᠢᠬᠤ ᠦᠭᠡᠢ᠂ ᠬᠡᠷᠪᠡ ᠪᠠᠶᠢᠭᠰᠠᠨ ᠪᠣᠯ ᠪᠢ ᠠᠯᠢ ᠡᠷᠲᠡ ᠰᠢᠢᠳᠪᠦᠷᠢᠯᠡᠭᠰᠡᠨ᠂ ᠨᠡᠳᠠ ᠳᠤ ᠶᠠᠯ᠎ᠠ ᠪᠠᠶᠢᠬᠤ ᠦᠭᠡᠢ᠂ ᠪᠢ ᠶᠡᠷᠦ ᠨᠢ ᠶᠠᠯ᠎ᠠ ᠬᠢᠭᠰᠡᠨ ᠬᠦᠮᠦᠨ ᠪᠢᠰᠢ᠂ ᠬᠡᠨ ᠬᠡᠷᠪᠡ ᠶᠠᠯ᠎ᠠ ᠬᠢᠭᠰᠡᠨ ᠪᠣᠯ ᠪᠢ ᠲᠡᠭᠦᠨ ᠤ ᠶᠠᠯᠠᠲᠤ ᠠᠵᠢᠯᠯᠠᠭ᠎ᠠ ᠶᠢ ᠠᠰᠠᠭᠤᠨ᠎ᠠ︾ ᠭᠡᠵᠦ ᠲᠡᠳᠡᠭᠡᠷ ᠣᠷᠪᠠᠯᠭ᠎ᠠ ᠭᠠᠷᠭᠠᠭᠴᠢᠳ ᠲᠠᠢ ᠠᠰ ᠲᠣᠯᠣᠨ ᠠᠪᠣᠨ ᠬᠠᠷᠢᠭᠤᠴᠠᠨ ᠲᠡᠮᠡᠴᠡᠯᠳᠦᠵᠦ᠂ ᠦᠬᠦᠵᠦ ᠰᠡᠬᠡᠬᠦ ᠶᠢ ᠬᠠᠶᠢᠬᠤᠷᠬᠤ ᠦᠭᠡᠢ ᠂ ᠶᠠᠭᠤ ᠠᠴᠠ ᠴᠦ ᠠᠶᠣᠬᠤ ᠦᠭᠡᠢ ᠡᠪ ᠬᠠᠮᠲᠤ ᠨᠠᠮ ᠤᠨ ᠠᠭᠤᠤ ᠶᠡᠭᠡ ᠴᠤᠭ ᠵᠢᠪᠬᠤᠭ᠎ᠠ ᠶᠢ ᠪᠠᠳᠠᠷᠠᠭᠠᠵᠤ ᠪᠠᠶᠢᠯ᠎ᠠ ᠃ ᠣᠷᠪᠠᠯᠭ᠎ᠠ ᠭᠠᠷᠭᠠᠭᠰᠠᠳ ᠲᠡᠭᠦᠨ ᠤ ᠬᠥᠯ ᠢ ᠨᠢ ᠴᠣᠬᠢᠵᠤ ᠬᠤᠶᠠᠷ ᠬᠤᠭᠤᠯᠪᠠ᠃ ᠭᠡᠲᠡᠯ᠎ᠡ ᠲᠡᠭᠦᠨ ᠤ ᠨᠠᠮ ᠪᠣᠯᠣᠨ ᠠᠷᠠᠳ ᠲᠥᠮᠡᠨ ᠳᠡᠭᠡᠨ ᠦᠨᠡᠨᠴᠢ ᠰᠢᠳᠣᠷᠭᠤ ᠰᠡᠳᠬᠢᠯ ᠨᠢ ᠡᠭᠦᠷᠢᠳᠡ ᠬᠤᠪᠢᠷᠠᠭᠰᠠᠨ ᠦᠭᠡᠢ ︽ᠰᠣᠶᠣᠯ  ᠤᠨ ᠬᠤᠪᠢᠰᠬᠠᠯ︾ ᠤᠨ ᠨᠠᠢᠮᠠᠨ ᠵᠢᠯ ᠤᠨ, ᠬᠮᠦᠨ ᠡᠳ᠋ᠯᠡᠳᠡᠭ ᠪᠢᠰᠢ ᠠᠮᠢᠳᠣᠷᠠᠯ ᠢ ᠪᠦᠷ ᠲᠣᠭᠤᠯᠵᠤ ᠥᠩᠭᠡᠷᠡᠵᠡᠢ᠃1974 ᠣᠨ ᠤ 2 ᠰᠠᠷ᠎ᠠ ᠳᠤ ᠰᠠᠶᠢᠨ ᠷᠠᠰᠢᠪᠠᠯᠵᠣᠣᠷ ᠠᠩᠬ᠎ᠠ ᠠᠯᠬᠤᠮ ᠴᠢᠯᠦᠭᠡᠯᠡᠭᠳᠡᠵᠦ᠂ ᠮᠥᠯᠭᠦᠵᠦ ᠭᠡᠷ ᠲᠡᠭᠡᠨ ᠬᠠᠷᠢᠨ ᠵᠣᠪᠠᠭᠤᠷᠢ ᠪᠠᠶᠠᠷ ᠲᠠᠢ ᠰᠠᠯᠵᠤ ᠰᠠᠷᠨᠢᠭᠰᠠᠨ ᠭᠡᠷ ᠤᠨ ᠬᠦᠮᠦᠰ ᠲᠠᠢ ᠪᠠᠨ ᠬᠠᠮᠲᠤ ᠴᠣᠭᠯᠠᠷᠠᠵᠠᠢ᠃ ᠳᠡᠮᠡᠢ ᠣᠳᠠᠯ ᠦᠭᠡᠢ ᠪᠦᠷᠢᠨ ᠪᠣᠴᠠᠭᠠᠯᠲᠠ ᠬᠢᠵᠦ᠂ ᠨᠠᠮ ᠢ ᠨᠢ ᠰᠡᠷᠭᠦᠭᠡᠨ᠂ ᠠᠵᠢᠯ ᠢ ᠨᠢ ᠬᠢᠯᠭᠡᠵᠦ᠂ ᠰᠢᠯᠣᠭᠤᠨ ᠬᠥᠬᠡ ᠬᠤᠰᠢᠭᠤᠨ ᠤ ᠬᠤᠪᠢᠰᠬᠠᠯ ᠤᠨ ᠵᠥᠪᠯᠡᠯ ᠤᠨ ᠳᠡᠳ᠋ ᠡᠷᠬᠢᠯᠡᠭᠴᠢ ᠶᠢᠨ ᠳᠣᠰᠢᠶᠠᠯ ᠳᠤ ᠳᠣᠮᠢᠯᠠᠭᠳᠠᠵᠠᠢ᠃    1978 ᠣᠨ ᠳᠤ ᠷᠠᠰᠢᠪᠠᠯᠵᠣᠣᠷ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠳᠤ ᠰᠢᠯᠵᠢᠨ ᠳᠡᠳ᠋ ᠨᠠᠷᠢᠨ ᠪᠢᠴᠢᠭ ᠤᠨ ᠳᠠᠷᠤᠭ᠎ᠠ ᠪᠣᠯᠵᠠᠢ᠃    1989 ᠣᠨ ᠳᠤ ᠠᠵᠢᠯ ᠤᠨ ᠠᠮᠠᠷᠠᠯᠲᠠ ᠪᠠᠨ ᠠᠪᠴᠠᠢ᠃    1997 ᠣᠨ ᠳᠤ ᠡᠪᠡᠳᠴᠢᠯᠡᠵᠦ ᠵᠠᠪᠰᠢᠶᠠᠨ ᠪᠣᠰᠤ ᠪᠠᠷ ᠨᠠᠰᠤ ᠪᠠᠷᠠᠪᠠ᠃ ᠳᠣᠬᠠᠢ ᠶᠢᠨ ᠵᠢᠯ 82 ᠨᠠᠰᠣᠲᠠᠢ᠃NAILASV
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号