| ᠫᠣᠩᠰᠤᠭ ︵1919~ 1981 ᠣᠨ︶᠂ 1919 ᠣᠨ ᠳᠤ ᠣᠣᠯ ᠤᠨ ᠴᠠᠬᠠᠷ ᠳᠣᠰᠬᠠᠢ ᠣᠷᠣᠨ | ᠤ ᠬᠥᠯᠦ ᠴᠠᠭᠠᠨ ᠦᠬᠡᠷᠴᠢᠨ ᠰᠦᠷᠦᠭ ᠤᠨ ᠳᠣᠩᠳᠤᠭ ᠤᠨ ᠭᠡᠷ ᠲᠤ ᠲᠥᠷᠦᠵᠡᠢ᠃ ᠮᠠᠢᠮᠠᠨ ᠨᠠᠰᠣᠨ ᠠᠴᠠ ᠠᠷᠪᠠᠨ | ᠵᠢᠷᠭᠤᠭᠠᠨ ᠨᠠᠰᠣ ᠬᠦᠷᠲᠡᠯ᠎ᠡ ᠰᠠᠩ ᠤᠨ ᠳᠠᠯᠠᠢ ᠰᠣᠮᠣᠨ ᠤ ᠭᠠᠩᠭᠠᠩᠲᠠᠯᠠ ᠰᠦᠮ᠎ᠡ ᠳᠤ ᠯᠠᠮᠠ ᠪᠣᠯᠵᠠᠢ᠃ 1949 | ᠣᠨ ᠳᠤ ᠴᠠᠬᠠᠷ ᠤᠨ ᠠᠩᠬᠠᠨ ᠤ ᠡᠮᠨᠡᠯᠭᠡ ᠶᠢᠨ ᠬᠤᠷᠢᠶ᠎ᠠ ᠶᠢᠨ ᠨᠢᠭᠡ ᠪᠣᠯᠬᠤ ᠣᠯᠠᠨᠨᠠᠭᠤᠷ ᠰᠣᠮᠣᠨ ᠤ ᠮᠣᠩᠭᠤᠯ | ᠡᠮᠨᠡᠯᠭᠡ ᠶᠢᠨ ᠬᠤᠷᠢᠶ᠎ᠠ ᠪᠠᠶᠢᠭᠤᠯᠬᠤ ᠳᠤ ᠣᠷᠣᠯᠴᠠᠵᠤ ᠡᠪᠡᠳᠴᠢᠨ ᠬᠢᠵᠢᠭ ᠡᠮᠴᠢᠯᠡᠬᠦ᠂ ᠰᠡᠷᠭᠡᠶᠢᠯᠡᠬᠦ ᠠᠩᠬᠠᠨ ᠤ | ᠮᠡᠷᠭᠡᠵᠢᠯ ᠢ ᠰᠣᠷᠣᠯᠴᠠᠵᠤ ᠬᠦᠮᠦᠨ ᠤ ᠡᠮᠴᠢ ᠶᠢᠨ ᠠᠵᠢᠯ ᠢ ᠬᠢᠵᠡᠢ᠃ 1952 ᠣᠨ ᠳᠤ ᠡᠪᠡᠳᠴᠢᠨ ᠬᠢᠵᠢᠭ | ᠰᠡᠷᠭᠡᠶᠢᠯᠡᠬᠦ᠂ ᠡᠮᠴᠢᠯᠡᠨ ᠵᠠᠰᠠᠬᠤ ᠠᠵᠢᠯ ᠳᠤ ᠳᠣᠪᠣᠶᠢᠮ᠎ᠠ ᠠᠮᠵᠢᠯᠲᠠ ᠣᠯᠣᠭᠰᠠᠨ ᠲᠣᠯᠠ ᠬᠤᠰᠢᠭᠤ ᠠᠶᠢᠮᠠᠭ ᠤᠨ | ᠡᠬᠡ ᠣᠷᠣᠨᠴᠢ ᠡᠷᠡᠭᠦᠯ ᠡᠷᠡᠭᠦᠯ ᠬᠠᠮᠠᠭᠠᠯᠠᠯ ᠤᠨ ᠵᠢᠱᠢᠶᠡᠴᠢ ᠪᠠᠷ ᠴᠣᠯᠭᠤᠷᠠᠨ ᠭᠠᠷᠴᠤ ᠱᠠᠩᠨᠠᠯ ᠬᠥᠬᠢᠭᠦᠯᠦᠯ ᠤᠨ | ᠲᠤᠭ᠂ ᠣᠳᠣᠨ ᠮᠧᠳᠠᠯ ᠢᠶᠠᠷ ᠱᠠᠩᠨᠠᠭᠳᠠᠭᠰᠠᠨ ᠪᠠᠶᠢᠨ᠎ᠠ᠃ | 1953 ᠣᠨ ᠠᠴᠠ ᠨᠣᠲᠤᠭ ᠤᠨ ᠮᠠᠯᠴᠢᠳ ᠢᠶᠠᠨ ᠵᠣᠬᠢᠶᠠᠨ ᠪᠠᠶᠢᠭᠤᠯᠣᠨ ᠲᠥᠷ ᠴᠠᠭ ᠤᠨ | ᠳᠣᠭᠤᠶᠢᠯᠠᠩ ᠪᠠᠶᠢᠭᠤᠯᠵᠤ᠂ 1956 ᠣᠨ ᠪᠣᠯᠬᠤ ᠳᠤ ᠠᠩᠬ᠎ᠠ ᠵᠡᠷᠭᠡ ᠶᠢᠨ ᠬᠤᠷᠰᠢᠶ᠎ᠠ ᠪᠣᠯᠪᠠ᠃ 1955 ᠣᠨ | ᠤ ᠮᠠᠯ ᠤᠨ ᠴᠡᠪᠡᠷ ᠥᠰᠦᠯᠲᠡ ᠵᠠᠭᠤᠨ ᠤ 26 ᠳᠤ ᠬᠦᠷᠴᠦ ᠰᠣᠮᠣ ᠬᠤᠰᠢᠭᠤᠨ ᠤ ᠲᠡᠷᠢᠭᠦᠨ ᠤ ᠨᠢᠭᠡᠴᠡ ᠶᠢᠨ | ᠨᠢᠭᠡ ᠪᠣᠯᠵᠠᠢ᠃ ᠬᠤᠷᠰᠢᠶᠠᠨ ᠤ ᠡᠷᠬᠢᠯᠡᠭᠴᠢ ᠫᠣᠩᠰᠤᠭ 1953~1959 ᠣᠨ ᠬᠦᠷᠲᠡᠯ᠎ᠡ ᠨᠢᠭᠡᠳᠦᠯ᠂ ᠬᠤᠰᠢᠭᠤ | ᠂ ᠠᠶᠢᠮᠠᠭ ᠤᠨ ᠠᠷᠠᠳ ᠤᠨ ᠲᠥᠯᠦᠭᠡᠯᠡᠭᠴᠢ᠂ ᠲᠡᠷᠢᠭᠦᠨ ᠤ ᠨᠢᠭᠡᠴᠡ᠂ ᠬᠥᠳᠡᠯᠮᠦᠷᠢ ᠶᠢᠨ ᠵᠢᠱᠢᠶᠡᠴᠢ ᠪᠠᠷ | ᠰᠣᠩᠭᠤᠭᠳᠠᠵᠤ ᠣᠷᠣᠨ ᠤ ᠬᠤᠷᠠᠯᠳᠣᠭᠠᠨ ᠳᠤ ᠣᠷᠣᠯᠴᠠᠵᠠᠢ᠃ 1958 ᠣᠨ ᠳᠤ ᠪᠡᠭᠡᠵᠢᠩ ᠳᠤ ᠪᠣᠯᠣᠭᠰᠠᠨ | ᠪᠥᠬᠦ ᠣᠯᠣᠰ ᠤᠨ ᠬᠤᠣᠰ ᠲᠡᠷᠢᠭᠦᠨ ᠤ ᠰᠠᠶᠢᠴᠣᠣᠯ ᠤᠨ ᠬᠤᠷᠠᠯᠳᠣᠭᠠᠨ ᠳᠤ ᠣᠷᠣᠯᠴᠠᠵᠤ᠂ ᠨᠡᠮ ᠲᠥᠷᠦ ᠶᠢᠨ | ᠣᠳᠣᠷᠢᠳᠣᠭᠴᠢ ᠮᠠᠤ ᠽᠧ ᠳ᠋ᠦᠩ᠂ ᠯᠢᠦ ᠱᠣᠤ ᠴᠢ᠂ ᠵᠤ᠋ ᠳ᠋ᠧ᠂ ᠵᠤ᠋ ᠡᠸ᠋ᠨ ᠯᠠᠢ ᠲᠠᠢ ᠣᠷᠢᠳ ᠬᠤᠵᠢᠳ 4 | ᠣᠳᠠᠭ᠎ᠠ ᠠᠭᠤᠯᠵᠠᠵᠤ ᠠᠯᠲᠠᠨ ᠣᠳᠣᠨ ᠤ ᠱᠠᠩᠨᠠᠯ ᠬᠥᠬᠢᠭᠦᠯᠦᠯ ᠢ ᠬᠦᠷᠲᠡᠵᠦ ᠶᠠᠪᠣᠵᠠᠢ᠃ 1959 ᠣᠨ ᠤ | ᠣᠯᠣᠰ ᠪᠠᠶᠢᠭᠤᠯᠣᠭᠳᠠᠭᠰᠠᠨ ᠠᠷᠪᠠᠨ ᠵᠢᠯ ᠤᠨ ᠶᠣᠰᠣᠯᠠᠯ ᠳᠤ ᠣᠷᠣᠯᠴᠠᠨ ᠲᠢᠶᠠᠨ ᠠᠨ ᠮᠧᠨ ᠠᠰᠠᠷ ᠳᠡᠭᠡᠷ᠎ᠡ ᠨᠠᠮ | ᠵᠠᠰᠠᠭ ᠤᠨ ᠣᠳᠣᠷᠢᠳᠣᠭᠴᠢᠳ᠂ ᠭᠠᠳᠠᠭᠠᠳᠤ ᠶᠢᠨ ᠵᠣᠴᠢᠳ ᠲᠠᠢ ᠬᠠᠮᠲᠤ ᠪᠠᠶᠠᠷ ᠤᠨ ᠵᠢᠭᠰᠠᠭᠠᠯ ᠢ ᠰᠣᠨᠢᠷᠬᠠᠭᠰᠠᠨ | ᠪᠠᠶᠢᠨ᠎ᠠ᠃ | ᠫᠣᠩᠰᠤᠭ 1956 ᠣᠨ ᠳᠤ ᠳᠣᠮᠳᠠᠳᠤ ᠣᠯᠣᠰ ᠤᠨ ᠡᠪ ᠬᠠᠮᠲᠤ ᠨᠠᠮ ᠤᠨ ᠭᠡᠰᠢᠭᠦᠨ ᠢᠶᠠᠷ | ᠡᠯᠰᠡᠭᠳᠡᠵᠡᠢ᠃ 1960 ᠣᠨ ᠳᠤ ᠪᠣᠯᠣᠭᠰᠠᠨ ︽ᠨᠡᠶᠢᠭᠡᠮ ᠵᠢᠷᠣᠮ ᠤᠨ ᠳᠠᠬᠢᠨ ᠰᠣᠷᠭᠠᠨ ᠬᠦᠮᠦᠵᠢᠯ︾ ᠭᠡᠬᠦ | ᠬᠥᠳᠡᠯᠭᠡᠭᠡᠨ ᠤ ᠳᠣᠮᠳᠠ ︽ᠨᠢᠭᠡ ᠶᠢ ᠳᠡᠭᠰᠢᠳᠭᠡᠵᠦ᠂ ᠬᠤᠶᠠᠷ ᠢ ᠰᠢᠯᠵᠢᠭᠦᠯᠬᠦ︾ ᠳᠤ ᠲᠡᠭᠦᠨ ᠢ ᠡᠪ ᠬᠠᠮᠲᠤ ᠨᠠᠮ | ᠠᠴᠠ ᠨᠢ ᠬᠥᠭᠡᠭᠡᠵᠦ᠂ ᠰᠣᠶᠣᠯ ᠤᠨ ᠬᠤᠪᠢᠰᠬᠠᠯ ᠤᠨ ᠳᠣᠮᠳᠠ᠂ ᠳᠠᠷᠣᠢ 1968 ᠣᠨ ᠳᠤ ᠲᠡᠭᠦᠨ ᠢ ᠳᠡᠷᠰᠯᠡᠭᠦᠦ | ︽ᠮᠠᠯ ᠤᠨ ᠡᠵᠡᠨ︾᠂ ︽ᠥᠪᠦᠷ ᠠᠷᠠᠳ ᠤᠨ ᠨᠠᠮᠳᠠᠨ︾ ᠬᠡᠮᠡᠨ ᠲᠡᠮᠡᠴᠡᠨ᠂ ᠨᠡᠩ ᠬᠤᠣᠷᠲᠠᠢ ᠨᠢ 1970 ᠣᠨ | ᠳᠤ ᠲᠡᠷᠢᠭᠦᠯᠡᠭᠴᠢ ᠯᠢᠤ ᠱᠣᠤ ᠴᠢ ᠪᠣᠯᠣᠨ ᠣᠯᠠᠭᠠᠨᠬᠦᠦ ᠶᠢᠨ ᠬᠡᠪ ᠬᠥᠷᠦᠭ ᠢ ᠡᠪᠡᠰᠦ ᠪᠠᠷ ᠪᠣᠭᠤᠵᠤ ᠬᠢᠭᠡᠳ | ᠡᠴᠢᠭᠡ ᠬᠦᠦ ᠬᠤᠶᠠᠭᠤᠯᠠ ᠳᠤ ᠡᠭᠦᠷᠦᠭᠦᠯᠦᠨ 7 ᠬᠤᠲᠠ ᠶᠢ 5 ᠡᠳᠦᠷ ᠰᠦᠨᠢ ᠣᠨᠲᠠᠭᠤᠯᠣᠭᠰᠠᠨ ᠦᠭᠡᠢ | ᠲᠣᠭᠤᠷᠢᠭᠤᠯᠵᠤ ᠴᠣᠬᠢᠭᠰᠠᠨ ᠢᠶᠠᠷ ᠲᠡᠷᠡ ᠴᠢᠬᠢ ᠨᠢ ᠳᠦᠯᠡᠶᠢᠷᠡᠨ᠂ 2 ᠬᠠᠪᠢᠷᠭ᠎ᠠ ᠨᠢ ᠬᠤᠭᠤᠷᠠᠵᠤ᠂ ᠵᠡᠮᠳᠡᠭ | ᠪᠣᠯᠵᠠᠢ᠃ ᠡᠭᠦᠨ ᠢᠶᠠᠷ ᠪᠠᠷᠠᠬᠤ ᠦᠭᠡᠢ 12 ᠵᠢᠯ ᠣᠯᠣᠰ ᠲᠥᠷᠦ ᠶᠢᠨ ᠡᠷᠬᠡ ᠶᠢ ᠨᠢ ᠬᠠᠰᠣᠵᠤ ᠲᠡᠭᠦᠨ ᠢ | ᠬᠥᠳᠡᠯᠮᠦᠷᠢ ᠪᠠᠷ ᠥᠭᠡᠷᠡᠴᠢᠯᠡᠭᠳᠡᠬᠦ ᠡᠲᠡᠭᠡᠳ ᠢᠶᠠᠷ ᠳᠣᠭᠲᠠᠭᠠᠵᠠᠢ᠃ | 1979 ᠣᠨ ᠤ 11 ᠰᠠᠷ᠎ᠠ ᠶᠢᠨ 22 ᠤᠨ ᠡᠳᠦᠷ ᠬᠢᠯᠢᠰ ᠢ ᠨᠢ ᠴᠠᠭᠠᠳᠬᠠᠨ ᠥᠭᠴᠦ ᠳᠡᠷᠰᠯᠡᠬᠦᠦ ︽ | ᠮᠠᠯ ᠤᠨ ᠡᠵᠡᠨ︾ ᠤ ᠮᠠᠯᠠᠭᠠᠢ ᠶᠢ ᠠᠪᠴᠤ᠂ 1980 ᠣᠨ ᠤ 4 ᠰᠠᠷ᠎ᠠ ᠶᠢᠨ 14 ᠤ ᠡᠳᠦᠷ ᠡᠪ ᠬᠠᠮᠲᠤ ᠨᠠᠮ | ᠤᠨ ᠭᠡᠰᠢᠭᠦᠨ ᠤ ᠠᠮᠢᠳᠣᠷᠠᠯ ᠢ ᠨᠢ ᠰᠡᠷᠭᠦᠭᠡᠨ ᠥᠭᠴᠡᠢ᠃ 1981 ᠣᠨ ᠤ 1 ᠰᠠᠷ᠎ᠠ ᠶᠢᠨ 6 ᠤ ᠡᠳᠦᠷ ᠫᠣᠩᠰᠤᠭ | ᠭᠤᠸᠠᠢ ᠬᠤᠳᠣᠭᠤᠳᠣᠨ ᠤ ᠦᠮᠡᠨ ᠡᠪᠡᠳᠴᠢᠨ ᠢᠶᠠᠷ ᠨᠠᠰᠣ ᠪᠠᠷᠠᠪᠠ᠃ | ᠫᠣᠩᠰᠤᠭ᠂ 1990 ᠣᠨ ᠳᠤ ︽ᠰᠢᠯᠢ ᠶᠢᠨ ᠭᠤᠣᠯ ᠤᠨ ᠠᠯᠳᠠᠷᠲᠤ ᠬᠦᠮᠦᠰ︾ ᠬᠡᠮᠡᠬᠦ ᠨᠣᠮ ᠳᠤ | ᠲᠡᠮᠳᠡᠭᠯᠡᠭᠳᠡᠵᠡᠢ᠃ | ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃ |