| ᠥᠯᠵᠡᠶᠢᠳᠠᠯᠠᠢ ︵1919~ 1996 ᠣᠨ︶᠂ ᠣᠣᠯ ᠨᠡᠷ᠎ᠡ ᠨᠢ ᠭᠤᠮᠪᠣᠴᠡᠷᠢᠨ ᠭᠡᠳᠡᠭ᠂ ᠴᠠᠬᠠᠷ | ᠤᠨ ᠮᠢᠩᠭᠠᠨ ᠰᠦᠷᠦᠭ ᠤᠨ ᠬᠦᠮᠦᠨ᠃ 1936 ᠣᠨ ᠳᠤ ᠳᠡᠮᠴᠣᠭ᠍ᠳᠣᠩᠷᠣᠪ ᠤᠨ ᠪᠠᠶᠢᠭᠤᠯᠣᠭᠰᠠᠨ ᠵᠠᠩᠪᠸᠢ ᠳᠠᠬᠢ | ᠴᠠᠬᠠᠷ ᠤᠨ ᠵᠠᠯᠠᠭᠤᠰ ᠤᠨ ᠰᠣᠷᠭᠠᠭᠤᠯᠢ ᠳᠤ ᠰᠣᠷᠣᠯᠴᠠᠵᠤ ᠥᠩᠭᠡᠷᠡᠭᠰᠡᠨ ᠪᠥᠭᠡᠳ 1947 ᠣᠨ ᠤ ᠵᠣᠨ ᠪᠣᠯᠲᠠᠯ᠎ᠠ | ᠳᠣᠬᠠᠢ ᠶᠢᠨ ᠦᠶ᠎ᠡ ᠶᠢᠨ ᠪᠥᠭᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠤᠨ ᠣᠯᠠᠭᠠᠨᠪᠠᠭᠠᠲᠣᠷ ᠲᠠᠬᠢ ᠨᠠᠮ ᠤᠨ | ᠰᠢᠨ᠎ᠡ ᠬᠦᠴᠦᠨ ᠤ ᠳᠡᠭᠡᠳᠦ ᠰᠣᠷᠭᠠᠭᠤᠯᠢ ᠳᠤ ᠪᠣᠯᠪᠠᠰᠣᠷᠠᠯ ᠬᠦᠷᠲᠡᠪᠡ᠃ ᠮᠣᠩᠭᠤᠯ ᠳᠤ ᠣᠴᠢᠵᠤ ᠰᠣᠷᠣᠯᠴᠠᠬᠤ | ᠠᠴᠠ ᠡᠮᠦᠨ᠎ᠡ 1945 ᠣᠨ ᠤ ᠨᠠᠮᠣᠷ ᠭᠤᠮᠪᠣᠴᠡᠷᠢᠨ᠂ ᠰᠠᠶᠢᠴᠣᠩᠭ᠎ᠠ ︵ᠬᠤᠵᠢᠮ ᠤᠨ ᠶᠡᠭᠡ ᠵᠣᠬᠢᠶᠠᠯᠴᠢ ᠨᠠ᠊ · | ᠰᠠᠶᠢᠨᠴᠣᠭᠲᠤ︶ ᠨᠠᠷ ᠲᠠᠢ ᠮᠣᠩᠭᠤᠯ ᠳᠤ ᠣᠴᠢᠬᠤ ᠪᠠᠨ ᠶᠠᠷᠢᠯᠴᠠᠨ ᠳᠣᠭᠲᠠᠭᠠᠳ᠂ 9 ᠰᠠᠷ᠎ᠠ ᠶᠢᠨ ᠰᠡᠭᠦᠯᠴᠢ ᠪᠠᠷ | ᠰᠠᠶᠢᠴᠣᠩᠭ᠎ᠠ ᠯᠾᠠᠮᠣᠵᠠᠪ ᠰᠠᠶᠢᠳ ᠤᠨ ᠮᠠᠰᠢᠨ ᠢᠶᠠᠷ ᠣᠷᠢᠳ ᠢᠶᠠᠷ ᠮᠣᠩᠭᠤᠯ ᠳᠤ ᠶᠠᠪᠣᠪᠠ᠃ ᠭᠤᠮᠪᠣᠴᠡᠷᠢᠨ | ᠰᠠᠶᠢᠴᠣᠩᠭ᠎ᠠ ᠶᠢᠨ ᠬᠤᠶᠢᠨ᠎ᠠ ᠠᠴᠠ ᠰᠣᠳᠣᠰᠡᠴᠡᠨ᠂ ᠴᠢᠯᠠᠭᠤ ︵ ᠠᠯᠳᠠᠷᠲᠤ ᠳᠠᠭᠤᠴᠢᠨ︶ ᠵᠡᠷᠭᠡ ᠶᠢᠨ ᠠᠷᠪᠠᠨ | ᠬᠡᠳᠦᠨ ᠬᠦᠮᠦᠨ ᠲᠠᠢ ᠬᠠᠮᠲᠤ ᠲᠡᠮᠡᠭᠡᠨ ᠠᠴᠢᠶ᠎ᠠ ᠪᠠᠷ ᠮᠣᠩᠭᠤᠯ ᠵᠦᠭ ᠠᠶᠠᠯᠠᠭᠠᠳ ᠭᠤᠴᠢᠨ ᠬᠤᠶᠠᠷ ᠬᠤᠨᠤᠭ | ᠳᠡᠭᠡᠷ᠎ᠡ ᠪᠠᠨ ᠣᠯᠠᠭᠠᠨᠪᠠᠭᠠᠲᠣᠷ ᠲᠤ ᠬᠦᠷᠴᠡᠢ᠃ ᠭᠤᠮᠪᠣᠴᠡᠷᠢᠨ᠂ ᠰᠠᠶᠢᠴᠣᠩᠭ᠎ᠠ᠂ ᠰᠣᠳᠣᠰᠡᠴᠡᠨ᠂ ᠴᠢᠯᠠᠭᠤ ᠨᠠᠷ | ᠮᠣᠩᠭᠤᠯ ᠤᠨ ᠰᠢᠨ᠎ᠡ ᠬᠦᠴᠦᠨ ᠤ ᠳᠡᠭᠡᠳᠦ ᠰᠣᠷᠭᠠᠭᠤᠯᠢ ᠠᠴᠠ ᠰᠣᠷᠣᠯᠭ᠎ᠠ ᠲᠡᠭᠦᠰᠬᠦ ᠶᠢᠨ ᠡᠮᠦᠨᠡᠬᠡᠨ᠂ 1947 | ᠣᠨ ᠤ 5 ᠰᠠᠷ᠎ᠠ ᠳᠤ ᠣᠯᠠᠭᠠᠨᠬᠦᠦ ᠣᠯᠠᠭᠠᠨᠪᠠᠭᠠᠲᠣᠷ ᠲᠤ ᠣᠴᠢᠭᠠᠳ᠂ ᠥᠪᠦᠷ ᠮᠣᠩᠭᠤᠯ ᠲᠤ ᠥᠪᠡᠷᠲᠡᠭᠡᠨ | ᠵᠠᠰᠠᠬᠤ ᠵᠠᠰᠠᠭ ᠤᠨ ᠣᠷᠳᠣᠨ ᠪᠠᠶᠢᠭᠤᠯᠣᠭᠳᠠᠵᠤ᠂ ᠰᠢᠨ᠎ᠡ ᠪᠣᠯᠪᠠᠰᠣᠨ ᠬᠦᠴᠦᠨ ᠳᠣᠲᠠᠵᠤ ᠪᠠᠶᠢᠬᠤ ᠪᠣᠯᠬᠤᠷ | ᠬᠦᠮᠦᠰ ᠢᠶᠠᠨ ᠣᠳᠤ ᠠᠪᠠᠴᠢᠬᠤ ᠶᠣᠮᠰᠠᠨ ᠭᠡᠬᠦ ᠳᠣᠷᠠᠳᠣᠯᠭ᠎ᠠ ᠭᠠᠷᠭᠠᠵᠠᠢ᠃ 1947 ᠣᠨ ᠤ ᠵᠣᠨ᠂ ᠳᠣᠬᠠᠢ ᠶᠢᠨ | ᠦᠶ᠎ᠡ ᠶᠢᠨ ᠳᠡᠯᠡᠬᠡᠢ ᠨᠡᠶᠢᠲᠡ ᠶᠢᠨ ᠪᠣᠳᠣᠯᠢᠶᠠᠨ ᠪᠠ ᠭᠤᠮᠢᠨᠳᠠᠩ ᠳᠤ ᠮᠡᠳᠡᠭᠳᠡᠬᠦ ᠦᠭᠡᠢ ᠦᠭᠡᠢ ᠪᠠᠶᠢᠬᠤ ᠶᠢᠨ | ᠱᠠᠭᠠᠷᠳᠠᠯᠭ᠎ᠠ ᠵᠡᠷᠭᠡ ᠰᠢᠯᠲᠠᠭᠠᠨ ᠠᠴᠠ ᠪᠣᠯᠵᠤ᠂ ᠭᠤᠮᠪᠣᠴᠡᠷᠢᠨ ᠨᠠᠷ ᠣᠯᠠᠭᠠᠨᠪᠠᠭᠠᠲᠣᠷ ᠠᠴᠠ ᠥᠪᠦᠷ ᠮᠣᠩᠭᠤᠯ | ᠳᠠᠭᠠᠨ ᠨᠢᠭᠤᠴᠠ ᠪᠠᠷ ᠪᠣᠴᠠᠵᠤ ᠢᠷᠡᠬᠦ ᠦᠶ᠎ᠡ ᠳᠤ ᠭᠤᠮᠪᠣᠴᠡᠷᠢᠨ ᠢ ᠥᠯᠵᠡᠶᠢᠳᠠᠯᠠᠢ᠂ ᠰᠠᠶᠢᠴᠣᠩᠭ᠎ᠠ ᠶᠢ | ᠰᠠᠶᠢᠨᠴᠣᠭᠲᠤ᠂ ᠰᠣᠳᠣᠰᠡᠴᠡᠨ ᠢ ᠭᠠᠷᠣᠳᠢ᠂ ᠭᠢᠯᠢᠭᠳᠦᠷᠵᠢ ᠶᠢ ᠪᠣᠯᠣᠳ᠂ ᠲᠥᠮᠡᠨᠵᠢᠷᠭᠠᠯ ᠢ ᠪᠠᠲᠤᠬᠦᠦ ᠬᠡᠬᠦ ᠵᠡᠷᠭᠡ | ᠪᠠᠷ ᠨᠡᠷ᠎ᠡ ᠶᠢ ᠨᠢ ᠰᠣᠯᠢᠵᠤ ᠥᠭᠭᠦᠭᠰᠡᠨ ᠪᠠᠶᠢᠪᠠ᠃ | 1947 ᠣᠨ ᠤ 6 ᠰᠠᠷ᠎ᠠ ᠳᠤ᠂ ᠥᠯᠵᠡᠶᠢᠳᠠᠯᠠᠢ ᠬᠤᠪᠢᠰᠬᠠᠯ ᠤᠨ ᠠᠵᠢᠯ ᠳᠤ ᠣᠷᠣᠯᠴᠠᠭᠰᠠᠨ | ᠪᠥᠭᠡᠳ 1948 ᠣᠨ ᠤ 5 ᠰᠠᠷ᠎ᠠ ᠳᠤ ᠳᠣᠮᠳᠠᠳᠤ ᠣᠯᠣᠰ ᠤᠨ ᠡᠪ ᠬᠠᠮᠲᠤ ᠨᠠᠮ ᠳᠤ ᠡᠯᠰᠡᠭᠳᠡᠪᠡ᠃ 1948 | ᠣᠨ ᠳᠤ ᠥᠯᠵᠡᠶᠢᠳᠠᠯᠠᠢ ᠥᠪᠦᠷ ᠮᠣᠩᠭᠤᠯ ᠤᠨ ᠣᠯᠠᠭᠠᠨᠬᠤᠲᠠ ᠳᠠᠬᠢ ᠳᠣᠲᠣᠭᠠᠳᠤ ᠶᠢ ᠬᠠᠮᠠᠭᠠᠯᠠᠬᠤ ᠰᠣᠷᠭᠠᠭᠤᠯᠢ | ᠶᠢᠨ ᠠᠩᠬᠠᠳᠣᠭᠠᠷ ᠬᠤᠭᠤᠴᠠᠭᠠᠨ ᠤ ᠪᠣᠯᠪᠠᠰᠣᠷᠠᠯ ᠳᠤ ᠨᠠᠢᠮᠠᠨ ᠰᠠᠷ᠎ᠠ ᠰᠣᠷᠣᠯᠴᠠᠭᠰᠠᠨ ᠪᠠᠶᠢᠨ᠎ᠠ᠃ ᠥᠯᠵᠡᠶᠢᠳᠠᠯᠠᠢ | 1930 ᠭᠠᠳ ᠣᠨ ᠳᠤ ᠶᠠᠫᠣᠨ ᠬᠡᠯᠡ ᠶᠢ ᠥᠪᠡᠷᠲᠡᠭᠡᠨ ᠰᠣᠷᠴᠤ ︽ᠶᠠᠫᠣᠨ ᠳᠤ ᠰᠣᠷᠣᠯᠴᠠᠬᠤ ᠪᠡᠯᠡᠳᠬᠡᠯ | ᠰᠣᠷᠭᠠᠭᠤᠯᠢ︾ ᠳᠤ ᠬᠢᠷᠢ ᠲᠡᠩᠴᠡᠵᠦ ᠥᠩᠭᠡᠷᠡᠭᠰᠡᠨ ᠪᠥᠭᠡᠳ ᠣᠯᠠᠭᠠᠨᠪᠠᠭᠠᠲᠣᠷ ᠳᠤ ᠰᠣᠷᠣᠯᠴᠠᠵᠤ ᠪᠠᠶᠢᠬᠤ ᠳᠠᠭᠠᠨ | ᠪᠠᠰᠠ ᠣᠷᠣᠰ ᠬᠡᠯᠡ ᠰᠣᠷᠣᠭᠰᠠᠨ ᠪᠠᠶᠢᠪᠠ᠃ | ᠥᠯᠵᠡᠶᠢᠳᠠᠯᠠᠢ ᠬᠤᠪᠢᠰᠬᠠᠯ ᠶᠢᠨ ᠠᠵᠢᠯ ᠳᠤ ᠣᠷᠣᠯᠴᠠᠭᠰᠠᠨ ᠠᠴᠠ ᠨᠠᠭᠠᠰᠢ᠂ ᠣᠷᠢᠳ ᠬᠤᠵᠢᠳ | ᠬᠠᠶᠢᠯᠠᠷ ᠤᠨ ᠴᠢᠯᠦᠭᠡᠯᠡᠬᠦ ᠴᠡᠷᠢᠭ ᠤᠨ ᠳᠣᠰᠠᠭᠠᠷ ᠶᠢᠰᠦᠳᠦᠭᠡᠷ ᠬᠤᠷᠢᠶ᠎ᠠ᠂ ᠬᠦᠯᠥᠨ ᠪᠣᠶᠢᠷ ᠤᠨ ᠰᠢᠨ᠎ᠡ ᠪᠠᠷᠭᠤ | ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠳᠣᠪᠴᠢᠶ᠎ᠠ᠂ ᠰᠣᠶᠢᠶᠣᠸᠠᠨ ᠮᠣᠵᠢ ᠵᠡᠭᠦᠨ ᠭᠠᠷ ᠤᠨ ᠬᠤᠯᠪᠣᠭᠠᠲᠤ | ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠳᠣᠪᠴᠢᠶ᠎ᠠ᠂ ᠣᠯᠠᠭᠠᠨᠴᠠᠪ ᠠᠶᠢᠮᠠᠭ ᠤᠨ ᠴᠠᠬᠠᠷ ᠪᠠᠷᠠᠭᠤᠨ ᠭᠠᠷ ᠤᠨ | ᠬᠤᠯᠪᠣᠭᠠᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠳᠣᠪᠴᠢᠶ᠎ᠠ᠂ ᠣᠯᠠᠭᠠᠨᠴᠠᠪ ᠠᠶᠢᠮᠠᠭ ᠤᠨ ᠳᠣᠮᠳᠠᠳᠤ | ᠵᠡᠷᠭᠡ ᠶᠢᠨ ᠰᠢᠭᠦᠬᠦ ᠬᠤᠷᠢᠶ᠎ᠠ᠂ ᠥᠪᠦᠷ ᠮᠣᠩᠭᠤᠯ ᠤᠨ ᠳᠡᠭᠡᠳᠦ ᠵᠡᠷᠭᠡ ᠶᠢᠨ ᠰᠢᠬᠦᠬᠦ ᠬᠤᠷᠢᠶ᠎ᠠ ᠪᠣᠯᠣᠨ ᠥᠪᠦᠷ | ᠮᠣᠩᠭᠤᠯ ᠤᠨ ᠣᠯᠣᠰ ᠲᠥᠷᠦ ᠬᠠᠣᠯᠢ ᠴᠠᠭᠠᠵᠠ ᠶᠢᠨ ᠺᠠᠳ᠋ᠷ ᠤᠨ ᠰᠣᠷᠭᠠᠭᠤᠯᠢ᠂ ᠥᠪᠦᠷ ᠮᠣᠩᠭᠤᠯ ᠤᠨ ᠠᠷᠠᠳ ᠤᠨ | ᠴᠠᠭᠳᠠᠭ᠎ᠠ ᠶᠢᠨ ᠰᠣᠷᠭᠠᠭᠤᠯᠢ ᠵᠡᠷᠭᠡ ᠭᠠᠵᠠᠷ ᠲᠤ ᠠᠵᠢᠯᠯᠠᠵᠤ᠂ ᠴᠢᠯᠦᠭᠡᠯᠡᠬᠦ ᠴᠡᠷᠢᠭ ᠤᠨ ᠰᠣᠮᠣᠨ ᠤ ᠣᠯᠣᠰ ᠲᠥᠷᠦ | ᠶᠢᠨ ᠵᠢᠭᠠᠨ ᠵᠢᠯᠣᠭᠤᠳᠣᠭᠴᠢ᠂ ᠳᠣᠲᠣᠭᠠᠳᠤ ᠶᠢ ᠬᠠᠮᠠᠭᠠᠯᠠᠬᠤ ᠳᠣᠪᠴᠢᠶᠠᠨ ᠳᠠᠷᠤᠭ᠎ᠠ᠂ ᠰᠢᠬᠦᠬᠦ ᠬᠤᠷᠢᠶᠠᠨ ᠤ ᠨᠠᠷᠢᠨ | ᠪᠢᠴᠢᠭᠡᠴᠢ᠂ ᠪᠠᠶᠢᠴᠠᠭᠠᠨ ᠰᠣᠳᠣᠯᠣᠭᠴᠢ᠂ ᠬᠠᠣᠯᠢ ᠴᠠᠭᠠᠵᠠ ᠶᠢᠨ ᠪᠠᠭᠰᠢ ᠵᠡᠷᠭᠡ ᠳᠣᠰᠢᠶᠠᠯ ᠢ ᠬᠠᠷᠢᠭᠤᠴᠠᠵᠤ | ᠶᠠᠪᠣᠪᠠ᠃ | ᠥᠯᠵᠡᠶᠢᠳᠠᠯᠠᠢ ︽ᠰᠣᠶᠣᠯ ᠤᠨ ᠶᠡᠭᠡ ᠬᠤᠪᠢᠰᠬᠠᠯ︾ ᠤᠨ ᠳᠣᠮᠳᠠ ᠬᠢᠯᠢᠰ ᠢᠶᠠᠷ ᠲᠡᠮᠡᠴᠡᠭᠳᠡᠵᠦ᠂ | ᠨᠠᠢᠮᠠᠨ ᠵᠢᠯ ᠬᠤᠷᠢᠭᠳᠠᠭᠠᠳ ︽ᠬᠥᠳᠡᠯᠮᠦᠷᠢ ᠪᠠᠷ ᠥᠭᠡᠷᠡᠴᠢᠯᠡᠭᠳᠡᠵᠦ︾ ᠥᠩᠭᠡᠷᠡᠪᠡ᠃ 1980 ᠣᠨ ᠳᠤ ᠨᠠᠮ | ᠵᠠᠰᠠᠭ ᠠᠴᠠ ᠬᠢᠯᠢᠰ ᠢ ᠨᠢ ᠴᠠᠭᠠᠳᠬᠠᠵᠤ᠂ ᠣᠳᠠᠯ ᠦᠭᠡᠢ ᠥᠪᠦᠷ ᠮᠣᠩᠭᠤᠯ ᠤᠨ ᠠᠷᠠᠳ ᠤᠨ ᠴᠠᠭᠳᠠᠭ᠎ᠠ ᠶᠢᠨ | ᠰᠣᠷᠭᠠᠭᠤᠯᠢ ᠳᠤ ᠠᠵᠢᠯ ᠢ ᠨᠢ ᠰᠡᠷᠭᠦᠭᠡᠨ ᠥᠭᠪᠡ᠃ ᠲᠡᠭᠡᠭᠡᠳ ᠥᠲᠡᠯᠦᠭᠡ ᠨᠠᠰᠤ ᠪᠠᠨ ᠬᠥᠬᠡᠬᠤᠲᠠ ᠳᠠᠬᠢ ᠥᠪᠦᠷ | ᠮᠣᠩᠭᠤᠯ ᠤᠨ ᠳᠣᠲᠣᠭᠠᠳᠤ ᠶᠢ ᠬᠠᠮᠠᠭᠠᠯᠠᠬᠤ ᠲᠢᠩᠬᠢᠮ ᠤᠨ ᠰᠠᠭᠤᠭᠠᠯᠢ ᠠᠷᠠᠳ ᠤᠨ ᠲᠣᠭᠤᠷᠢᠭ ᠬᠢᠭᠡᠳ ᠥᠪᠦᠷ | ᠮᠣᠩᠭᠤᠯ ᠤᠨ ᠠᠷᠠᠳ ᠤᠨ ᠴᠠᠭᠳᠠᠭ᠎ᠠ ᠶᠢᠨ ᠰᠣᠷᠭᠠᠭᠤᠯᠢ ᠳᠤ ᠥᠩᠭᠡᠷᠡᠭᠡᠵᠦ᠂ 1996 ᠣᠨ ᠤ 5 ᠰᠠᠷ᠎ᠠ ᠶᠢᠨ | 21 ᠳᠤ ᠳᠠᠯᠠᠨ ᠳᠣᠯᠣᠭᠠᠨ ᠨᠠᠰᠣᠲᠠᠢ ᠬᠥᠬᠡᠬᠤᠲᠠ ᠳᠤ ᠡᠪᠡᠳᠴᠢᠨ ᠢᠶᠠᠷ ᠨᠠᠰᠤ ᠪᠠᠷᠠᠪᠠ᠃ | ᠥᠯᠵᠡᠶᠢᠳᠠᠯᠠᠢ ᠪᠣᠯ ᠴᠠᠬᠠᠷ ᠬᠤᠰᠢᠭᠤᠳ ᠤᠨ ᠮᠣᠩᠭᠤᠯ ᠴᠡᠷᠢᠭ ᠤᠨ ᠵᠢᠯᠣᠭᠤᠳᠣᠭᠴᠢ ᠶᠢᠨ ᠨᠢᠭᠡᠨ | ᠪᠠᠶᠢᠭᠰᠠᠨ ᠪᠥᠭᠡᠳ 1945 ᠣᠨ ᠤ ᠨᠠᠮᠣᠷ ᠠᠴᠠ 1947 ᠣᠨ ᠤ ᠵᠣᠨ ᠪᠣᠯᠲᠠᠯ᠎ᠠ ᠰᠠᠶᠢᠴᠣᠩᠭ᠎ᠠ᠂ | ᠰᠣᠳᠣᠰᠡᠴᠡᠨ ᠨᠠᠷ ᠲᠠᠢ ᠬᠠᠮᠲᠤ ᠳᠣᠬᠠᠢ ᠶᠢᠨ ᠦᠶ᠎ᠡ ᠶᠢᠨ ᠪᠥᠭᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠲᠤ | ᠰᠣᠷᠣᠯᠴᠠᠭᠰᠠᠨ ᠰᠢᠯᠣᠭᠤᠨ ᠬᠥᠬᠡ ᠬᠤᠰᠢᠭᠤᠨ ᠤ ᠰᠢᠯᠢᠳᠡᠭ ᠵᠠᠯᠠᠭᠤᠴᠣᠳ ᠤᠨ ᠨᠢᠭᠡ ᠮᠥᠨ᠃ 1947 ᠣᠨ ᠳᠤ | ᠥᠯᠵᠡᠶᠢᠳᠠᠯᠠᠢ ᠬᠤᠪᠢᠰᠬᠠᠯ ᠤᠨ ᠠᠵᠢᠯ ᠳᠤ ᠣᠷᠣᠯᠴᠠᠭᠰᠠᠨ ᠠᠴᠠ ᠨᠠᠭᠠᠰᠢ᠂ ᠣᠳᠠᠭᠠᠨ ᠵᠢᠯ ᠣᠯᠠᠨ ᠬᠤᠰᠢᠭᠤᠳ | ᠤᠨ ᠳᠣᠲᠣᠭᠠᠳᠤ ᠶᠢ ᠬᠠᠮᠠᠭᠠᠯᠠᠬᠤ ᠠᠵᠢᠯ ᠤᠨ ᠦᠢᠯᠡᠳᠦᠯᠭᠡ ᠳᠤ ᠣᠷᠣᠯᠴᠠᠭᠰᠠᠨ ᠪᠥᠭᠡᠳ ᠬᠠᠣᠯᠢ ᠴᠠᠭᠠᠵᠠ ᠶᠢᠨ | ᠰᠣᠳᠣᠯᠭᠠᠨ ᠤ ᠠᠵᠢᠯ ᠬᠢᠵᠦ᠂ ᠢᠯᠠᠩᠭᠤᠶ᠎ᠠ ᠥᠲᠡᠯᠦᠭᠡ ᠨᠠᠰᠣᠨ ᠳᠠᠭᠠᠨ ᠠᠷᠠᠳ ᠤᠨ ᠴᠠᠭᠳᠠᠭ᠎ᠠ ᠶᠢᠨ ᠰᠣᠷᠭᠠᠭᠤᠯᠢ | ᠶᠢᠨ ᠮᠣᠩᠭᠤᠯ ᠢᠶᠠᠷ ᠬᠢᠴᠢᠶᠡᠯᠯᠡᠬᠦ ᠳᠣᠲᠣᠭᠠᠳᠤ ᠶᠢ ᠬᠠᠮᠠᠭᠠᠯᠠᠬᠤ ᠰᠣᠷᠭᠠᠨ ᠬᠦᠮᠦᠵᠢᠯ ᠤᠨ ᠦᠢᠯᠡᠰ ᠲᠤ ᠵᠣᠬᠢᠬᠤ | ᠬᠤᠪᠢ ᠨᠡᠮᠡᠷᠢ ᠪᠠᠨ ᠦᠵᠡᠭᠦᠯᠦᠭᠰᠡᠨ ᠨᠢᠭᠡᠨ ᠰᠢᠯᠢᠳᠡᠭ ᠡᠪ ᠬᠠᠮᠲᠤ ᠨᠠᠮ ᠤᠨ ᠭᠡᠰᠢᠭᠦᠨ᠂ ᠳᠣᠲᠣᠭᠠᠳᠤ ᠶᠢ | ᠬᠠᠮᠠᠭᠠᠯᠠᠬᠤ ᠠᠵᠢᠯ ᠤᠨ ᠠᠬᠠᠮᠠᠳ ᠵᠢᠳᠬᠦᠯᠲᠡᠨ ᠪᠣᠯᠣᠨ᠎ᠠ᠃ | |